ᠪᠤᠷᠤᠭᠤ ᠦᠰᠦᠭ ᠤᠨ ᠲᠠᠢᠯᠪᠤᠷᠢ

ᠨᠡᠮᠡᠭᠰᠡᠨ ᠴᠠᠭ᠄ 2017-11-23᠂ ᠦᠵᠡᠭᠰᠡᠨ ᠲᠣᠭ᠎ᠠ᠄ ᠶᠠᠭ ᠲᠠᠲᠠᠵᠤ ᠪᠠᠢᠨ᠎ᠠ

ᠰᠠᠢᠲ ᠳᠡᠭᠡᠷᠡᠬᠢ ᠦᠰᠦᠭ ᠪᠤᠷᠤᠭᠤ ᠬᠠᠷᠠᠭᠳᠠᠵᠤ ᠪᠠᠢᠭ᠎ᠠ ᠶᠢᠨ ᠰᠢᠯᠲᠠᠭᠠᠨ ᠬᠣᠶᠠᠷ ᠪᠠᠢᠨ᠎ᠠ᠃ 

ᠨᠢᠭᠡ ᠰᠢᠯᠲᠠᠭᠠᠨ ᠨᠢ ᠪᠣᠯ ᠬᠦᠲᠦᠴᠢ ᠤᠳ ᠤᠨ ᠮᠣᠩᠭᠤᠯ ᠦᠰᠦᠭ ᠢ ᠢᠯᠡᠷᠡᠭᠦᠯᠬᠦ ᠠᠷᠭ᠎ᠠ ᠨᠢ ᠪᠦᠷ ᠠᠳᠠᠯᠢ ᠦᠭᠡᠢ ᠤᠴᠢᠷ ᠪᠣᠯᠤᠨ᠎ᠠ᠃

ᠵᠠᠷᠢᠮ ᠬᠦᠲᠦᠴᠢ ᠳᠡᠭᠡᠷ᠎ᠡ ᠨᠢ ᠵᠦᠪ ᠢᠯᠡᠷᠡᠵᠦ ᠪᠠᠢᠨ᠎ᠠ᠂ ᠵᠠᠷᠢᠮ ᠬᠦᠲᠦᠴᠢ ᠳᠡᠭᠡᠷ᠎ᠡ ᠨᠢ ᠪᠤᠷᠤᠭᠤ ᠢᠯᠡᠷᠡᠵᠦ ᠪᠠᠢᠨ᠎ᠠ᠃ ᠵᠢᠱᠢᠶᠡᠯᠡᠪᠡᠯ᠄ ᠳᠠᠭᠠᠪᠤᠷᠢ ᠪᠤᠷᠤᠭᠤ ᠢᠯᠡᠷᠡᠬᠦ᠃

ᠡᠭᠦᠨ ᠳ᠋ᠤ ᠺᠣᠮᠫᠢᠦᠲ᠋ᠧᠷ ᠳᠡᠭᠡᠷᠡᠬᠢ ᠠᠯᠢ ᠬᠦᠲᠦᠴᠢ ᠳᠡᠭᠡᠷ᠎ᠡ ᠨᠢ ᠴᠤ ᠪᠦᠷ ᠵᠦᠪ ᠢᠯᠡᠷᠡᠨ᠎ᠡ᠃ ᠭᠠᠷ ᠤᠲᠠᠰᠤᠨ ᠳᠡᠭᠡᠷᠡᠬᠢ ᠣᠯᠠᠩᠬᠢ ᠬᠦᠲᠦᠴᠢ ᠳᠡᠭᠡᠷ᠎ᠡ ᠨᠢ ᠪᠤᠷᠤᠭᠤ ᠢᠯᠡᠷᠡᠳᠡᠭ᠃

ᠬᠣᠶᠠᠳᠤᠭᠠᠷ ᠰᠢᠯᠲᠠᠭᠠᠨ ᠨᠢ ᠪᠣᠯ ᠮᠠᠨ ᠤ ᠮᠣᠩᠭᠤᠯ ᠦᠰᠦᠭ ᠤᠨ ᠪᠠᠷᠢᠮᠵᠢᠶ᠎ᠠ ᠺᠣᠳ᠋ ᠨᠢᠭᠡᠲᠡᠭᠡᠳᠦᠢ ᠤᠴᠢᠷ ᠪᠣᠯᠤᠨ᠎ᠠ᠃
ᠮᠠᠨ ᠤ ᠮᠣᠩᠭᠤᠯ ᠦᠰᠦᠭ ᠤᠨ ᠪᠠᠷᠢᠮᠵᠢᠶ᠎ᠠ ᠺᠣᠳ᠋ ᠬᠡᠳᠦᠢᠪᠡᠷ ᠳᠠᠶᠠᠭᠠᠷ ᠬᠡᠷᠡᠭᠯᠡᠭᠳᠡᠵᠦ ᠪᠠᠢᠬᠤ ᠪᠣᠯᠪᠠᠴᠤ᠂ ᠪᠠᠢᠷᠢᠮᠵᠢᠶ᠎ᠠ ᠺᠣᠳ᠋ ᠳᠣᠲᠤᠷ᠎ᠠ ᠪᠠᠨ ᠪᠠᠰᠠ ᠠᠳᠠᠯᠢ ᠦᠭᠡᠢ ᠪᠠᠢᠳᠠᠭ᠃
ᠶᠠᠭᠤ ᠭᠡᠭᠰᠡᠨ ᠦᠭᠡ ᠪᠣᠢ ᠭᠡᠬᠦᠯᠡᠷ᠄
ᠣᠳᠤ Windows᠂ ios᠂ Android ᠵᠡᠷᠭᠡ ᠭᠣᠣᠯᠳᠠᠯᠭᠠᠲᠤ ᠰᠢᠰᠲ᠋ᠧᠮ ᠲᠠᠢ ᠰᠢᠨᠡᠪᠲᠦᠷ ᠮᠠᠰᠢᠨ ᠳᠡᠭᠡᠷ᠎ᠡ ᠪᠠᠷᠤᠭ ᠪᠦᠷ ᠮᠣᠩᠭᠤᠯ ᠦᠰᠦᠭ ᠤᠨ ᠪᠠᠷᠢᠮᠵᠢᠶ᠎ᠠ ᠺᠣᠳ᠋ ᠤᠨ ᠦᠰᠦᠭ ᠤᠨ ᠲᠢᠭ ᠣᠷᠤᠴᠢᠬᠠᠭᠰᠠᠨ ᠪᠠᠢᠨ᠎ᠠ᠃ ᠳᠠᠷᠤᠢ ᠪᠢᠳᠡ ᠤ ᠰᠢᠨᠡᠬᠡᠨ ᠰᠢᠭ ᠮᠠᠰᠢᠨ ᠳᠡᠭᠡᠷ᠎ᠡ ᠶᠠᠮᠠᠷ ᠴᠤ ᠦᠰᠦᠭ ᠤᠨ ᠲᠢᠭ ᠰᠠᠭᠤᠯᠭᠠᠬᠤ ᠦᠭᠡᠢ ᠴᠤ ᠮᠣᠩᠭᠤᠯ ᠦᠰᠦᠭ ᠢᠯᠡᠷᠡᠨ᠎ᠡ ᠭᠡᠭᠰᠡᠨ ᠦᠭᠡ᠃
ᠡᠳᠡᠭᠡᠷ ᠰᠢᠰᠲ᠋ᠧᠮ ᠳᠤ ᠣᠷᠤᠭᠤᠯᠤᠭᠰᠠᠨ ᠡᠨᠡ ᠲᠢᠭ ᠤᠨ ᠺᠣᠳ᠋ ᠪᠠ ᠪᠢᠳᠡᠨ ᠤ ᠶᠡᠷᠦ ᠳᠡᠭᠡᠨ ᠬᠡᠷᠡᠭᠯᠡᠳᠡᠭ ᠦᠰᠦᠭ ᠣᠷᠤᠭᠤᠯᠬᠤ ᠠᠷᠭ᠎ᠠ ᠶᠢᠨ ᠺᠣᠳ᠋ ᠨᠢ ᠬᠡᠳᠦᠢᠪᠡᠷ ᠪᠦᠷ ᠪᠠᠷᠢᠮᠵᠢᠶ᠎ᠠ ᠺᠣᠳ᠋ ᠪᠠᠢᠭᠰᠠᠨ ᠴᠤ ᠲᠡᠭᠦᠨ ᠤ ᠦᠰᠦᠭ ᠢᠯᠡᠷᠡᠭᠦᠯᠬᠦ ᠪᠣᠳᠤᠬᠤ ᠠᠷᠭ᠎ᠠ(算法)ᠨᠢ ᠠᠳᠠᠯᠢ ᠦᠭᠡᠢ ᠪᠣᠯ ᠪᠠᠰᠠ ᠪᠤᠷᠤᠭᠤ ᠢᠯᠡᠷᠡᠨ᠎ᠡ᠃
ᠳᠠᠷᠤᠢ windows ᠰᠢᠰᠲ᠋ᠧᠮ ᠳᠣᠲᠤᠷᠠᠬᠢ᠂ ᠮᠦᠩᠬᠡ ᠭᠠᠯ ᠺᠣᠮᠫᠠᠨᠢ ᠪᠠ ᠳᠡᠯᠡᠬᠡᠢ ᠺᠣᠮᠫᠠᠨᠢ ᠵᠢᠴᠢ ᠦᠪᠦᠷ ᠮᠣᠩᠭᠤᠯ ᠤᠨ ᠶᠡᠬᠡ ᠰᠤᠷᠭᠠᠭᠤᠯᠢ ᠶᠢᠨ ᠦᠰᠦᠭ ᠣᠷᠤᠭᠤᠯᠬᠤ ᠠᠷᠭ᠎ᠠ ᠤᠳ ᠤᠨ ᠦᠰᠦᠭ ᠢᠯᠡᠷᠡᠭᠦᠯᠬᠦ ᠪᠣᠳᠤᠬᠤ ᠠᠷᠭ᠎ᠠ ᠨᠢ ᠪᠦᠷ ᠦᠭᠡᠷ᠎ᠡ ᠦᠭᠡᠷ᠎ᠡ ᠭᠡᠭᠰᠡᠨ ᠦᠭᠡ᠃
ᠡᠢᠮᠦ ᠡᠴᠡ ᠳᠡᠯᠡᠬᠡᠢ ᠺᠣᠮᠫᠠᠨᠢ ᠶᠢᠨ ᠦᠰᠦᠭ ᠣᠷᠤᠭᠤᠯᠬᠤ ᠠᠷᠭ᠎ᠠ ᠪᠡᠷ ᠪᠢᠴᠢᠭᠰᠡᠨ ᠦᠰᠦᠭ ᠢ ᠮᠦᠩᠬᠡ ᠭᠠᠯ ᠤᠨ ᠦᠰᠦᠭ ᠤᠨ ᠲᠢᠭ ᠢᠶᠡᠷ ᠬᠠᠷᠠᠪᠠᠯ ᠪᠤᠷᠤᠭᠤ ᠬᠠᠷᠠᠭᠳᠠᠬᠤ ᠮᠠᠭᠠᠳ᠃ 
ᠮᠠᠨ ᠤ ᠮᠣᠩᠭᠤᠯ ᠦᠰᠦᠭ ᠤᠨ ᠺᠣᠳ᠋ ᠨᠢ ᠡᠷᠲᠡ ᠨᠢᠭᠡᠨ ᠡᠳᠦᠷ ᠨᠢᠭᠡᠲᠦᠭᠡᠳ ᠪᠢᠳᠡ ᠪᠠᠰᠠ ᠪᠣᠰᠤᠳ ᠦᠨᠳᠦᠰᠦᠲᠡᠨ ᠤᠭᠰᠠᠭᠠᠲᠠᠳ ᠲᠠᠢ ᠮᠦᠷᠦ ᠵᠡᠷᠭᠡᠴᠡᠨ ᠶᠠᠪᠤᠵᠤ ᠳᠡᠢᠯᠡᠬᠦ ᠴᠠᠭ ᠬᠤᠷᠳᠤᠬᠠᠨ ᠢᠷᠡᠬᠦ ᠶᠢ ᠬᠦᠰᠡᠵᠦ ᠪᠠᠢᠨ᠎ᠠ᠃

ᠬᠡᠷᠪᠡ ᠣᠨᠴᠠᠭᠠᠢ ᠺᠣᠳ᠋(ᠵᠢᠱᠢᠶᠡᠯᠡᠪᠡᠯ᠄ ᠮᠦᠩᠬᠡ ᠭᠠᠯ ᠺᠣᠳ᠋) ᠠᠰᠢᠭᠯᠠᠪᠠᠯ ᠲᠤᠰ ᠠᠰᠠᠭᠤᠳᠠᠯ ᠢ ᠰᠢᠢᠳᠪᠦᠷᠢᠯᠡᠵᠦ ᠳᠡᠢᠯᠦᠨ᠎ᠡ᠃ ᠭᠡᠲᠡᠯ᠎ᠡ ᠲᠡᠷᠡ ᠺᠣᠳ᠋ ᠢᠶᠡᠷ ᠪᠢᠴᠢᠭᠰᠡᠨ ᠦᠰᠦᠭ ᠢ ᠺᠣᠫᠢᠳᠠᠵᠤ ᠠᠪᠤᠭᠠᠳ ᠪᠣᠰᠤᠳ ᠭᠠᠵᠠᠷ ᠬᠡᠷᠡᠭᠯᠡᠪᠡᠯ ᠬᠠᠷᠠᠭᠳᠠᠬᠤ ᠦᠭᠡᠢ ᠪᠣᠯᠤᠨ᠎ᠠ᠃ ᠤᠴᠢᠷ ᠨᠢ ᠣᠨᠴᠠᠭᠠᠢ ᠺᠣᠳ᠋ ᠤᠨ ᠦᠰᠦᠭ ᠤᠨ ᠲᠢᠭ ᠨᠢ ᠣᠯᠠᠩᠬᠢ ᠮᠠᠰᠢᠨ ᠳᠡᠭᠡᠷ᠎ᠡ ᠪᠦᠷ ᠪᠠᠢᠬᠤ ᠦᠭᠡᠢ᠃ ᠣᠨᠴᠠᠭᠠᠢ ᠺᠣᠳ᠋ ᠤᠨ ᠪᠠᠰᠠ ᠨᠢᠭᠡ ᠠᠰᠠᠭᠤᠳᠠᠯ ᠨᠢ ᠬᠠᠢᠯᠲᠠ ᠶᠢᠨ ᠰᠢᠰᠲ᠋ᠧᠮ ᠳ᠋ᠤ ᠪᠠᠰᠠ ᠬᠡᠷᠡᠭᠯᠡᠵᠦ ᠳᠡᠢᠯᠡᠬᠦ ᠦᠭᠡᠢ᠃