ᠦᠵᠡᠬᠦ ᠬᠣᠯᠪᠤᠭᠠᠰᠤ

ᠡᠨᠳᠡ ᠶᠠᠮᠠᠷ ᠨᠢᠭᠡᠨ ᠠᠰᠠᠭᠤᠳᠠᠯ ᠲᠠᠢ ᠪᠣᠯ ᠡᠨᠡ ᠨᠢᠭᠤᠷ ᠤᠨ ᠠᠷᠤ ᠳ᠋ᠤ ᠰᠡᠳᠭᠢᠭᠳᠡᠯ ᠪᠢᠴᠢᠭᠡᠷᠡᠢ᠂ ᠦᠵᠡᠵᠦ ᠳᠡᠢᠯᠬᠦ ᠦᠭᠡᠢ ᠪᠠᠢᠪᠠᠯ᠂ ᠡᠨᠳᠡ ᠳᠠᠷᠤᠵᠤ ᠮᠠᠨ ᠳ᠋ᠤ ᠮᠡᠳᠡᠭᠦᠯᠦᠭᠡᠷᠡᠢ᠂ ᠪᠠᠶᠠᠷᠯᠠᠯ᠎ᠠ︕

ᠨᠠᠷᠢᠨ ᠠᠭᠤᠯᠭ᠎ᠠ

ᠵᠢᠷᠤᠭ ᠣᠨᠴᠠᠭᠠᠢ ᠶᠠᠯᠠᠲᠠᠨ
ᠮᠣᠩᠭᠤᠯ ᠨᠡᠷ᠎ᠡ ᠣᠨᠴᠠᠭᠠᠢ ᠶᠠᠯᠠᠲᠠᠨ
ᠠᠩᠭᠯᠢ ᠪᠣᠶᠤ ᠯᠠᠲ᠋ᠢᠨ ᠨᠡᠷ᠎ᠡ te shu qiu fan
ᠬᠢᠲᠠᠳ ᠪᠣᠶᠤ ᠺᠢᠷᠢᠯ ᠨᠡᠷ᠎ᠡ 特殊囚犯
ᠲᠣᠭᠯᠠᠭᠴᠢ ᠪᠠᠰᠠᠨᠵᠠᠪ ᠯᠢ ᠺᠧ ᠨᠠᠢ ᠸᠧᠢ ᠴᠦᠨ 
ᠤᠳᠤᠷᠢᠳᠤᠭᠠᠴᠢ ᠪᠣᠶᠤ ᠨᠠᠢᠷᠠᠭᠤᠯᠤᠭᠴᠢ ᠵᠣᠣ ᠭᠦᠸᠧ ᠬᠤᠸᠠ 
ᠲᠦᠷᠦᠯ ᠠᠳᠠᠯ ᠶᠠᠪᠤᠳᠠᠯᠲᠤ ᠭᠡᠮᠲᠦ ᠬᠡᠷᠡᠭᠲᠦ
ᠬᠡᠯᠡ ᠬᠢᠲᠠᠳ 
ᠨᠡᠢᠲᠡᠯᠡᠭᠰᠡᠨ ᠣᠷᠤᠨ ᠳᠤᠮᠳᠠᠳᠤ 
ᠨᠡᠢᠲᠡᠯᠡᠭᠰᠡᠨ ᠣᠨ 1995 
ᠨᠡᠮᠡᠭᠰᠡᠨ ᠴᠠᠭ 2018-05-13
ᠰᠢᠨᠡᠴᠢᠯᠡᠭᠰᠡᠨ ᠴᠠᠭ 2018-07-18
ᠤᠷᠲᠤ 85ᠮᠢᠨᠦ᠋ᠲ
ᠨᠡᠢᠲᠡ ᠦᠵᠡᠭᠰᠡᠨ ᠲᠠᠲᠠᠵᠤ ᠪᠠᠢᠨ᠎ᠠ
ᠰᠠᠷ᠎ᠠ ᠳᠤ ᠦᠵᠡᠭᠰᠡᠨ 0
ᠭᠠᠷᠠᠭ ᠲᠤ ᠦᠵᠡᠭᠰᠡᠨ 0
ᠡᠳᠦᠷ ᠲᠤ ᠦᠵᠡᠭᠰᠡᠨ 0
ᠺᠢᠨᠣ᠋ ᠮᠡᠳᠡᠭᠡᠯᠡᠯ ᠤᠨ ᠰᠠᠩ ᠳ᠋ᠧᠦ ᠪᠠᠨ(ᠬᠢᠲᠠᠳ) IMDb(ᠠᠩᠭ᠍ᠯᠢ) ᠺᠢᠨᠣ᠋ ᠰᠠᠩ(ᠮᠣᠩᠭᠤᠯ)

ᠠᠭᠤᠯᠭ᠎ᠠ ᠶᠢᠨ ᠲᠣᠪᠴᠢ

       A ᠬᠤᠲᠠ ᠢᠢᠨ ᠨᠢᠭᠡᠨ ᠱᠤᠷᠤᠩ ᠳᠤ᠂ ᠤᠤᠯ ᠨᠢ ᠴᠠᠭᠳᠠᠭᠠᠨ ᠳᠠᠷᠤᠭ᠎ᠠ ᠪᠠᠢᠭᠰᠠᠨ ᠪᠠᠲᠤ ᠤᠳᠤ ᠶᠠᠯᠠᠲᠠᠨ ᠢᠢᠡᠷ ᠰᠠᠭᠤᠵᠦ ᠪᠤᠢ᠂ ᠲᠡᠭᠦᠨ ᠦ ᠠᠪᠤ ᠬᠢᠭᠡᠳ ᠲᠡᠵᠢᠶᠡᠭᠰᠡᠨ ᠬᠦᠦ ᠬᠠᠷᠠᠬᠦᠦ ᠨᠢ ᠦᠵᠡᠬᠦ ᠪᠡᠷ ᠢᠷᠡᠪᠡ᠃ ᠲᠡᠭᠦᠨ ᠦ ᠰᠡᠳᠬᠢᠯ ᠲᠤᠭᠳᠤᠯᠠᠨ ᠲᠠᠢᠪᠤᠰᠢᠷᠠᠵᠦ ᠴᠢᠳᠠᠬᠤ ᠦᠭᠡᠢ ᠪᠠᠢᠪᠠ ᠁ ᠨᠢᠭᠡ ᠵᠢᠯ ᠤᠨ ᠡᠮᠦᠨ᠎ᠡ᠂ ᠪᠠᠲᠤ ᠳᠠᠢᠴᠢᠨ ᠨᠦᠬᠦᠷ ᠴᠢᠯᠠᠭᠤ ᠲᠠᠢ ᠬᠠᠮᠲᠤ ᠨᠢᠭᠡᠨ ᠪᠠᠩᠬᠢ ᠡᠴᠡ 280 ᠲᠦᠮᠡᠨ ᠲᠦᠭᠦᠷᠢᠭ ᠮᠡᠬᠡᠯᠡᠭᠰᠡᠨ ᠠᠵᠢᠯᠯᠠᠭ᠎ᠠ ᠢᠢ ᠮᠦᠷᠳᠡᠨ ᠭᠠᠷᠭᠠᠪᠠ᠃ ᠴᠢᠯᠠᠭᠤ ᠠᠵᠢᠯᠯᠠᠬᠤ ᠳᠤᠮᠳᠠ ᠪᠡᠨ ᠶᠠᠯᠠᠲᠠᠨ ᠡᠲᠡᠭᠡᠳ ᠲᠤ ᠠᠮᠢ ᠪᠡᠨ ᠠᠯᠳᠠᠪᠠ᠂ ᠡᠭᠦᠨ ᠳᠤ ᠪᠠᠲᠤ ᠶᠡᠬᠡᠲᠡ ᠵᠤᠪᠠᠨᠢᠵᠦ ᠶᠠᠭᠠᠬᠢᠵᠦ ᠪᠠᠢᠭᠰᠠᠨ ᠴᠤ ᠡᠨᠡ ᠶᠠᠪᠤᠳᠠᠯ ᠤᠨ ᠦᠨᠡᠨ ᠮᠦᠨ ᠢ ᠢᠯᠡᠷᠡᠭᠦᠯᠵᠦ ᠴᠢᠯᠠᠭᠤ ᠳᠤ ᠦᠰᠢᠶ᠎ᠡ ᠠᠪᠬᠤ ᠭᠡᠵᠦ ᠰᠢᠢᠳᠦᠪᠡ᠃ 《ᠪᠠᠭ᠎ᠠ ᠶᠢᠷᠲᠢᠨᠴᠦ》 ᠳᠠᠭᠤᠤ ᠪᠦᠵᠢᠭ ᠤᠨ ᠳᠠᠩᠬᠢᠮ ᠤᠨ ᠵᠠᠬᠢᠷᠤᠯ ᠶᠠᠩ ᠮᠠᠨ ᠰᠠᠩ ᠪᠤᠯ ᠨᠢᠭᠡᠨ ᠬᠠᠷᠬᠢᠰ ᠬᠡᠷᠴᠡᠭᠡᠢ ᠬᠦᠮᠦᠨ ᠶᠤᠮ᠂ ᠲᠡᠷᠡ ᠠᠷᠭ᠎ᠠ ᠬᠡᠷᠡᠭᠯᠡᠨ ᠪᠠᠢᠵᠦ ᠪᠠᠩᠬᠢ ᠡᠴᠡ ᠬᠠᠮᠲᠤ ᠪᠡᠷ ᠮᠦᠩᠬᠦ ᠮᠡᠬᠡᠯᠡᠭᠰᠡᠨ ᠬᠠᠮᠲᠤᠲᠠᠨ ᠯᠢ ᠰᠢᠶᠤᠤ ᠳᠦᠢᠩ ᠢ ᠠᠯᠠᠪᠠ᠃ ᠲᠡᠷᠡ ᠪᠠᠲᠤ ᠢᠢᠨ ᠡᠨᠡ ᠶᠠᠪᠤᠳᠠᠯ ᠳᠤ ᠮᠦᠷᠳᠡᠯᠲᠡ ᠬᠢᠵᠦ ᠪᠠᠢᠬᠤ ᠢᠢ ᠰᠡᠷᠡᠵᠦ ᠮᠡᠳᠡᠭᠰᠡᠨ ᠴᠠᠭ ᠡᠴᠡ ᠠᠷᠭ᠎ᠠ ᠰᠦᠪᠡᠭᠴᠢᠯᠡᠨ ᠪᠠᠢᠵᠦ ᠪᠠᠲᠤ ᠳᠤ ᠰᠠᠭᠠᠳ ᠬᠢᠵᠦ ᠪᠠᠢᠪᠠ᠃ ᠢᠩᠬᠢᠭᠡᠳ ᠪᠠᠲᠤ ᠳᠦᠷᠢᠮ ᠵᠦᠷᠴᠢᠭᠰᠡᠨ ᠢᠢᠡᠷ ᠠᠵᠢᠯ ᠡᠴᠡ ᠪᠡᠨ ᠰᠢᠯᠵᠢᠪᠡ᠃ ᠴᠢᠯᠠᠭᠤ ᠢᠢᠨ ᠡᠬᠡᠨᠡᠷ ᠰᠢᠶᠤᠤ ᠵᠢᠶᠸ ᠨᠦᠬᠦᠷ ᠢᠢᠨ ᠢᠢᠡᠨ ᠪᠤᠯᠠᠰᠢᠨ ᠳᠤ ᠤᠴᠢᠵᠦ ᠦᠵᠡᠬᠦ ᠵᠠᠮ ᠵᠠᠭᠤᠷ᠎ᠠ ᠡᠦ ᠤᠪᠤᠭᠲᠤ ᠢᠢᠨ ᠪᠠᠲᠤ ᠢᠢ ᠬᠠᠷᠪᠤᠬᠤ ᠭᠡᠰᠡᠨ ᠰᠤᠮᠤᠨ ᠳᠤ ᠬᠠᠯᠬᠠᠯᠠᠭ᠎ᠠ ᠪᠤᠯᠵᠦ ᠠᠮᠢ ᠪᠡᠨ ᠠᠯᠳᠠᠪᠠ᠃ ᠡᠨᠡ ᠨᠢ ᠨᠡᠩ ᠴᠤ ᠪᠠᠲᠤ ᠢᠢᠨ ᠦᠰᠢᠶ᠎ᠡ ᠠᠪᠬᠤ ᠪᠤᠳᠤᠯ ᠢ ᠪᠡᠬᠢᠵᠢᠭᠦᠯᠪᠡ᠃ ᠪᠠᠲᠤ ᠠᠭᠤᠷᠠᠨ ᠳᠠᠭᠠᠨ ᠫᠤᠤ ᠪᠡᠨ ᠭᠠᠷᠭᠠᠵᠦ ᠪᠦᠵᠢᠭ ᠤᠨ ᠳᠠᠩᠬᠢᠮ ᠤᠨ ᠰᠢᠯ ᠪᠡ ᠳᠸᠩ ᠢ ᠬᠠᠷᠪᠤᠪᠠ᠃ ᠲᠤᠰᠬᠠᠢ ᠮᠦᠷᠳᠡᠭᠴᠢ ᠠᠩᠭᠢ ᠢᠢᠨ ᠴᠸᠨ ᠮᠢᠩ ᠴᠠᠭᠳᠠᠭ᠎ᠠ ᠳᠠᠭᠠᠭᠤᠯᠤᠨ ᠬᠦᠷᠴᠦ ᠢᠷᠡᠨ ᠪᠠᠲᠤ ᠢᠢᠨ ᠲᠤᠭᠳᠤᠯᠤᠭᠰᠠᠨ ᠠᠵᠢᠯᠯᠠᠭ᠎ᠠ ᠢᠢ ᠨᠢ ᠬᠤᠷᠢᠭᠯᠠᠪᠠ᠃ ᠢᠩᠬᠢᠭᠡᠳ ᠪᠠᠲᠤ ᠴᠠᠭᠳᠠᠭᠠᠨ ᠦ ᠠᠵᠢᠯ ᠡᠴᠡ ᠪᠡᠨ ᠤᠭᠵᠠᠷᠠᠭᠳᠠᠪᠠ᠃ ᠶᠠᠩ ᠮᠠᠨ ᠰᠠᠩ ᠦᠪᠡᠷ ᠢ ᠪᠡᠨ ᠪᠠᠰᠠ ᠠᠮᠤᠷ ᠲᠦᠪᠰᠢᠨ ᠪᠠᠢᠨ᠎ᠠ ᠭᠡᠵᠦ ᠦᠵᠡᠨ ᠪᠠᠰᠠ ᠠᠷᠭ᠎ᠠ ᠬᠡᠷᠡᠭᠯᠡᠨ ᠲᠡᠭᠦᠨ ᠦ ᠭᠡᠷ ᠪᠦᠯᠢ ᠢᠢᠨ ᠭᠠᠳᠠᠨᠠᠬᠢ ᠡᠮᠡᠭᠲᠡᠢ ᠮᠸᠢ ᠯᠢᠩ ᠢ ᠠᠯᠠᠬᠤ ᠪᠡᠷ ᠲᠦᠯᠦᠪᠯᠡᠨ᠎ᠡ᠃ ᠮᠸᠢ ᠯᠢᠩ ᠭᠠᠳᠠᠷ ᠤᠯᠤᠰ ᠲᠤ ᠭᠠᠷᠬᠤ ᠭᠡᠵᠦ ᠶᠠᠭᠠᠷᠠᠵᠦ ᠲᠦᠷᠭᠡᠨ ᠢᠢᠡᠷ ᠫᠠᠰᠫᠤᠷᠳ᠋ ᠢᠢᠡᠨ ᠤᠯᠬᠤ ᠢᠢᠨ ᠲᠦᠯᠦᠭᠡ᠂ ᠠᠯᠠᠭᠤᠷᠴᠢᠨ ᠲᠠᠢ ᠪᠡᠯᠭᠡ ᠢᠢᠨ ᠬᠠᠷᠢᠴᠠᠭ᠎ᠠ ᠡᠭᠦᠰᠬᠦ ᠢᠢ ᠵᠦᠪᠰᠢᠶᠡᠷᠡᠪᠡ᠃ ᠲᠡᠭᠡᠭᠡᠳ ᠠᠯᠠᠭᠤᠷᠴᠢᠨ ᠲᠡᠭᠦᠨ ᠦ ᠠᠷᠢᠬᠢᠨ ᠴᠤᠮᠤᠨ ᠳᠤ ᠬᠤᠤᠷ ᠲᠠᠯᠪᠢᠪᠠ᠃ ᠡᠨᠡ ᠦᠶᠡᠰ ᠠᠯᠢ ᠡᠷᠲᠡ ᠭᠡᠷ ᠲᠤ ᠨᠢ ᠳᠠᠯᠳᠠᠯᠠᠭᠰᠠᠨ ᠰᠠᠭᠤᠵᠦ ᠪᠠᠢᠭᠰᠠᠨ ᠪᠠᠲᠤ ᠭᠠᠷᠴᠤ ᠢᠷᠡᠨ ᠮᠸᠢ ᠯᠢᠩ ᠤᠨ ᠭᠠᠷ ᠳᠡᠬᠢ ᠠᠷᠢᠬᠢᠨ ᠴᠤᠮᠤ ᠢ ᠭᠠᠵᠠᠷ ᠤᠨᠠᠭᠠᠪᠠ᠃ ᠮᠸᠢ ᠯᠢᠩ ᠶᠠᠩ ᠮᠠᠨ ᠰᠠᠩ ᠤᠨ ᠪᠦᠬᠦᠢᠯᠡ ᠶᠠᠯᠠᠲᠤ ᠦᠢᠯᠡ ᠠᠵᠢᠯᠠᠭ᠎ᠠ ᠢᠢ ᠶᠠᠷᠢᠪᠠ᠃ ᠡᠭᠦᠨ ᠳᠤ ᠡᠦ ᠤᠪᠤᠭᠲᠤ ᠴᠢᠯᠠᠭᠤ ᠰᠢᠶᠤᠤ ᠵᠢᠶᠸ ᠢᠢᠨ ᠬᠦᠦ ᠬᠠᠷᠠᠬᠦᠦ ᠢ ᠪᠠᠷᠢᠪᠴᠢᠯᠠᠪᠠ᠃ ᠪᠠᠲᠤ ᠴᠠᠭ ᠠᠮᠵᠢᠨ ᠨᠡᠬᠡᠨ ᠬᠦᠷᠴᠦ ᠡᠦ ᠤᠪᠤᠭᠲᠤ ᠢ ᠠᠯᠠᠵᠦ ᠬᠠᠷᠠᠬᠦᠦ ᠢᠢ ᠠᠪᠤᠷᠠᠪᠠ᠃ ᠪᠠᠲᠤ ᠠᠭᠤᠷ ᠬᠢᠯᠢᠭ ᠢᠢᠨ ᠳᠠᠷᠤᠵᠦ ᠴᠢᠳᠠᠨ ᠨᠢᠭᠡᠨᠲᠡ ᠴᠠᠭᠳᠠᠭᠠᠨ ᠦ ᠡᠷᠬᠡᠰᠢᠶᠡᠯ ᠳᠤ ᠤᠷᠤᠭᠰᠠᠨ ᠶᠠᠩ ᠮᠠᠨ ᠰᠠᠩ ᠢ ᠠᠯᠠᠪᠠ᠂ ᠴᠸᠨ ᠮᠢᠩ ᠬᠦᠷᠴᠦ ᠤᠴᠢᠨ ᠬᠤᠷᠢᠭᠯᠠᠭᠰᠠᠨ ᠴᠤ ᠨᠢᠭᠡᠨᠲᠡ ᠤᠷᠤᠢᠳᠠᠪᠠ᠃ ᠢᠩᠬᠢᠭᠡᠳ ᠪᠠᠲᠤ ᠬᠠᠤᠯᠢ ᠵᠦᠷᠢᠴᠡᠨ ᠨᠢᠭᠡᠨ ᠤᠨᠴᠠᠭᠠᠢ ᠶᠠᠯᠠᠲᠠᠨ ᠪᠤᠯᠪᠠ ᠁

ᠰᠡᠳᠭᠢᠭᠳᠡᠯ᠎

刚特(220.195.*.*) 2019-11-16
mandarai(220.195.*.*) 2019-11-15
Saihan. Bn
孟克(120.193.*.*) 2019-11-07
高义
buhmanlai(111.56.*.*) 2019-11-05
mash goyi kino bolz .gehdeen ehnerinhin aav bish baisench bolh biz 
乌力雅苏(45.116.*.*) 2019-11-05
可好看!
@ᠪᠠᠶᠠᠷ:Cloud.189 ᠳᠣᠲᠤᠷ᠎ᠠ ᠨᠢ ᠪᠦᠬᠦ ᠠᠩᠭᠢ ᠨᠢ ᠪᠠᠢᠨ᠎ᠠ᠃
 ᠪᠦᠯᠦᠭ ᠦᠨ ᠲᠣᠭ᠎ᠠ ᠨᠢ ᠪᠦᠷᠢᠨ ᠪᠦᠰᠥ ᠪᠠᠢᠨ᠎ᠠ
batmunhe(223.104.*.*) 2019-10-26
goe!      !         !
sodmanglai (1.183.*.*) 2019-10-22
bi ugani nutgaa zarii geji bodjee....odo en gii uzeed ami nastaigaa holboji hamgaalnaa....bayarlaaa suhee tan d.....
291ᠵᠣᠷᠪᠤᠰ1/30ᠨᠢᠭᠤᠷ ᠲᠡᠷᠢᠭᠦᠨ ᠨᠢᠭᠤᠷ  ᠡᠮᠦᠨᠡᠬᠢ ᠨᠢᠭᠤᠷ 1 2 3 4 5 6 ᠳᠠᠷᠠᠭ᠎ᠠ ᠨᠢᠭᠤᠷ ᠡᠴᠦᠰ ᠤᠨ ᠨᠢᠭᠤᠷ