ᠦᠵᠡᠬᠦ ᠬᠣᠯᠪᠤᠭᠠᠰᠤ

ᠡᠨᠳᠡ ᠶᠠᠮᠠᠷ ᠨᠢᠭᠡᠨ ᠠᠰᠠᠭᠤᠳᠠᠯ ᠲᠠᠢ ᠪᠣᠯ ᠡᠨᠡ ᠨᠢᠭᠤᠷ ᠤᠨ ᠠᠷᠤ ᠳ᠋ᠤ ᠰᠡᠳᠭᠢᠭᠳᠡᠯ ᠪᠢᠴᠢᠭᠡᠷᠡᠢ᠂ ᠦᠵᠡᠵᠦ ᠳᠡᠢᠯᠬᠦ ᠦᠭᠡᠢ ᠪᠠᠢᠪᠠᠯ᠂ ᠡᠨᠳᠡ ᠳᠠᠷᠤᠵᠤ ᠮᠠᠨ ᠳ᠋ᠤ ᠮᠡᠳᠡᠭᠦᠯᠦᠭᠡᠷᠡᠢ᠂ ᠪᠠᠶᠠᠷᠯᠠᠯ᠎ᠠ︕

ᠨᠠᠷᠢᠨ ᠠᠭᠤᠯᠭ᠎ᠠ

ᠵᠢᠷᠤᠭ ᠮᠣᠷᠢᠲᠠᠳ ᠤᠨ ᠦᠢᠮᠡᠭᠡᠨ
ᠮᠣᠩᠭᠤᠯ ᠨᠡᠷ᠎ᠡ ᠮᠣᠷᠢᠲᠠᠳ ᠤᠨ ᠦᠢᠮᠡᠭᠡᠨ
ᠠᠩᠭᠯᠢ ᠪᠣᠶᠤ ᠯᠠᠲ᠋ᠢᠨ ᠨᠡᠷ᠎ᠡ qi shi feng yun
ᠬᠢᠲᠠᠳ ᠪᠣᠶᠤ ᠺᠢᠷᠢᠯ ᠨᠡᠷ᠎ᠡ 骑士风云
ᠲᠣᠭᠯᠠᠭᠴᠢ ᠪᠠᠶᠠᠨ ᠬᠤᠷᠴᠠ ᠡᠷᠳᠡᠮᠲᠦ ᠪᠠᠭᠠᠲᠤᠷ ᠭᠦ᠋ ᠯᠢ ᠵᠠ ᠡᠯ ᠳ᠋ᠠ ᠯᠢᠶᠧ ᠯᠢ ᠬᠠᠨ 
ᠤᠳᠤᠷᠢᠳᠤᠭᠠᠴᠢ ᠪᠣᠶᠤ ᠨᠠᠢᠷᠠᠭᠤᠯᠤᠭᠴᠢ ᠰᠠᠢᠨᠬᠦᠦ ᠮᠠᠢᠯᠠᠰᠤ ᠵᠣᠣ ᠢᠦᠢ ᠾᠧᠩ 
ᠲᠦᠷᠦᠯ ᠲᠡᠦᠬᠡᠨ ᠠᠳᠠᠯ ᠶᠠᠪᠤᠳᠠᠯᠲᠤ ᠲᠤᠯᠤᠭᠠᠨᠲᠤ ᠬᠣᠪᠢᠰᠬᠠᠯ ᠤᠨ
ᠬᠡᠯᠡ ᠬᠢᠲᠠᠳ 
ᠨᠡᠢᠲᠡᠯᠡᠭᠰᠡᠨ ᠣᠷᠤᠨ ᠳᠤᠮᠳᠠᠳᠤ 
ᠨᠡᠢᠲᠡᠯᠡᠭᠰᠡᠨ ᠣᠨ 1990 
ᠨᠡᠮᠡᠭᠰᠡᠨ ᠴᠠᠭ 2017-06-18
ᠰᠢᠨᠡᠴᠢᠯᠡᠭᠰᠡᠨ ᠴᠠᠭ 2019-10-22
ᠤᠷᠲᠤ 82ᠮᠢᠨᠦ᠋ᠲ
ᠨᠡᠢᠲᠡ ᠦᠵᠡᠭᠰᠡᠨ ᠲᠠᠲᠠᠵᠤ ᠪᠠᠢᠨ᠎ᠠ
ᠰᠠᠷ᠎ᠠ ᠳᠤ ᠦᠵᠡᠭᠰᠡᠨ 3
ᠭᠠᠷᠠᠭ ᠲᠤ ᠦᠵᠡᠭᠰᠡᠨ 0
ᠡᠳᠦᠷ ᠲᠤ ᠦᠵᠡᠭᠰᠡᠨ 0
ᠺᠢᠨᠣ᠋ ᠮᠡᠳᠡᠭᠡᠯᠡᠯ ᠤᠨ ᠰᠠᠩ ᠳ᠋ᠧᠦ ᠪᠠᠨ(ᠬᠢᠲᠠᠳ) IMDb(ᠠᠩᠭ᠍ᠯᠢ) ᠺᠢᠨᠣ᠋ ᠰᠠᠩ(ᠮᠣᠩᠭᠤᠯ)

ᠠᠭᠤᠯᠭ᠎ᠠ ᠶᠢᠨ ᠲᠣᠪᠴᠢ

       ᠰᠢᠨᠵᠢᠶᠠᠩ ᠴᠢᠯᠦᠭᠡᠯᠡᠭᠳᠡᠬᠦ ᠢᠢᠨ ᠡᠮᠦᠨ᠎ᠡ ᠤᠷᠤᠢ ᠲᠤᠷᠭᠤᠳ ᠠᠢᠮᠠᠭ ᠤᠨ ᠭᠦᠩᠵᠦ ᠰᠡᠯᠮ᠎ᠠ ᠬᠠᠭᠠᠨ ᠡᠴᠢᠭᠡ ᠢᠢᠨ ᠢᠢᠡᠨ ᠵᠠᠬᠢᠶ᠎ᠠ ᠪᠡᠷ ᠭᠤᠷᠪᠠᠨ ᠤᠷᠤᠨ ᠦ ᠵᠠᠰᠠᠭ ᠤᠨ ᠤᠷᠳᠤᠨ ᠲᠠᠢ ᠬᠤᠯᠪᠤᠭᠠᠯᠠᠨ ᠪᠤᠰᠤᠯᠭ᠎ᠠ ᠭᠠᠷᠭᠠᠵᠦ ᠴᠢᠯᠦᠭᠡᠯᠡᠬᠦ ᠴᠡᠷᠢᠭ ᠤᠨ ᠬᠢᠯᠢ ᠤᠷᠤᠬᠤ ᠳᠤ ᠤᠭᠲᠤᠯᠭ᠎ᠠ ᠬᠢᠪᠡ᠃ ᠪᠤᠴᠠᠬᠤ ᠵᠠᠮ ᠳᠠᠭᠠᠨ ᠭᠦᠩᠵᠦ ᠭᠤᠮᠢᠨᠳᠠᠩ ᠤᠨ ᠲᠤᠮᠢᠯᠠᠭᠰᠠᠨ ᠪᠦᠯᠦᠭᠲᠡᠨ ᠳᠤ ᠳᠡᠭᠡᠷᠡᠮᠳᠡᠯᠭᠡ ᠬᠢᠯᠭᠡᠪᠡ᠃ ᠴᠢᠮᠡᠭᠡ ᠢᠢ ᠰᠤᠨᠤᠰᠤᠭᠰᠠᠨ ᠡᠴᠢᠭᠡ ᠸᠠᠩ ᠳᠤᠤᠷ᠎ᠠ ᠲᠦᠰᠢᠮᠡᠳ ᠢᠢᠡᠨ ᠴᠤᠭᠯᠠᠭᠤᠯᠤᠨ ᠬᠡᠯᠡᠯᠴᠡᠯᠭᠡ ᠬᠢᠪᠡ᠂ ᠮᠤᠷᠢᠲᠠᠨ ᠠᠰᠠᠷ ᠲᠡᠭᠦᠨ ᠦ ᠪᠠᠷᠢᠯᠳᠤᠭᠰᠠᠨ ᠠᠨᠳᠠ ᠮᠠᠰᠠᠷ᠂ ᠪᠦᠰᠡᠷ᠂ ᠭᠠᠰᠠᠷ ᠭᠡᠨᠡᠳᠲᠡ ᠸᠠᠩ ᠤᠨ ᠰᠦᠮ᠎ᠡ ᠳᠤ ᠳᠠᠭᠠᠷᠢᠨ ᠤᠷᠤᠵᠦ ᠢᠷᠡᠨ ᠮᠤᠷᠢ ᠪᠦᠯᠢᠶᠠᠪᠠ᠃ ᠡᠴᠢᠭᠡ ᠸᠠᠩ ᠠᠰᠠᠷ ᠡᠳᠡᠨᠦᠰ ᠢ ᠵᠠᠯᠠᠵᠦ ᠦᠪᠡᠷ ᠤᠨ ᠦᠬᠢᠨ ᠢᠢᠡᠨ ᠪᠤᠯᠢᠶᠠᠨ ᠠᠪᠴᠢᠷᠠᠭᠤᠯᠬᠤ ᠢᠢ ᠪᠤᠳᠤᠪᠠ᠂ ᠡᠴᠢᠭᠡ ᠸᠠᠩ ᠪᠤᠯ ᠠᠰᠠᠷ ᠤᠨ ᠡᠴᠢᠭᠡ ᠢᠢ ᠠᠯᠠᠭᠰᠠᠨ ᠦᠰᠢᠶᠡᠲᠡᠨ ᠨᠢ ᠪᠠᠢᠪᠠ᠂ ᠭᠡᠪᠡᠴᠤ ᠤᠯᠤᠰ ᠤᠨ ᠡᠷᠬᠡ ᠠᠰᠢᠭ ᠢ ᠲᠡᠷᠢᠭᠦᠨ ᠳᠤ ᠪᠡᠨ ᠲᠠᠯᠪᠢᠵᠦ ᠠᠰᠠᠷ ᠵᠦᠪᠰᠢᠶᠡᠷᠡᠵᠦ ᠠᠨᠳᠠ ᠤᠳ ᠢᠢᠡᠨ ᠴᠤ ᠢᠳᠬᠠᠨ ᠵᠦᠪᠰᠢᠶᠡᠷᠡᠭᠦᠯᠪᠡ᠃ ᠵᠠᠭᠤᠳ ᠤᠨ ᠨᠤᠶᠠᠨ ᠮᠦᠩᠬᠡ ᠠᠰᠠᠷ ᠲᠤ ᠦᠯᠦ ᠢᠲᠡᠭᠡᠨ ᠬᠤᠪᠢ ᠢᠢᠡᠷ ᠢᠢᠡᠨ ᠭᠦᠩᠵᠦ ᠢᠢ ᠠᠪᠤᠷᠠᠬᠤ ᠪᠡᠷ ᠤᠴᠢᠵᠦ ᠭᠤᠮᠢᠨᠳᠠᠩ ᠤᠨ ᠮᠡᠬᠡᠨ ᠳᠤ ᠤᠨᠠᠪᠠ᠃ ᠡᠨᠡ ᠪᠠᠴᠢᠨ ᠲᠦᠭᠰᠢᠭᠦᠷᠢᠲᠤ ᠮᠦᠴᠡ ᠳᠤ ᠠᠰᠠᠷ ᠮᠦᠩᠬᠡ ᠢᠢ ᠠᠪᠤᠷᠠᠨ ᠭᠠᠷᠭᠠᠵᠦ᠂ ᠳᠠᠷᠠᠭ᠎ᠠ ᠦᠷᠯᠦᠭᠡ ᠨᠢ ᠮᠦᠩᠬᠡ ᠠᠰᠠᠷ ᠬᠠᠮᠲᠤ ᠭᠤᠮᠢᠨᠳᠠᠩ ᠢ ᠳᠠᠭᠠᠷᠢᠨ ᠭᠦᠩᠵᠦ ᠢᠢ ᠠᠪᠤᠷᠠᠨ ᠭᠠᠷᠭᠠᠪᠠ᠃ ᠠᠰᠠᠷ ᠠᠵᠠ ᠪᠤᠰᠤ ᠪᠡᠷ ᠳᠠᠢᠰᠤᠨ ᠳᠤ ᠪᠠᠷᠢᠪᠴᠢᠯᠠᠭᠳᠠᠵᠦ ᠬᠡᠭᠡᠷ᠎ᠡ ᠠᠯᠠᠭᠳᠠᠪᠠ᠃ ᠪᠤᠴᠠᠬᠤ ᠵᠠᠮ ᠳᠠᠭᠠᠨ ᠲᠡᠳᠡ ᠪᠠᠰᠠ ᠳᠠᠭᠠᠷᠢᠯᠲᠠ ᠳᠤ ᠤᠴᠠᠷᠠᠨ᠂ ᠭᠦᠩᠵᠦ ᠰᠤᠷᠠᠭ ᠦᠭᠡᠢ ᠪᠤᠯᠪᠠ᠃ ᠪᠤᠰᠠᠷ ᠭᠦᠩᠵᠦ ᠢᠢ ᠬᠠᠢᠵᠦ ᠶᠠᠪᠤᠵᠦ ᠨᠠᠮᠤᠭ ᠲᠤ ᠰᠢᠭᠢᠳᠦᠨ ᠠᠮᠢ ᠪᠡᠨ ᠠᠯᠳᠠᠪᠠ᠃ ᠭᠠᠰᠠᠷ ᠴᠤ ᠭᠤᠮᠢᠨᠳᠠᠨ ᠤᠨ ᠲᠤᠯᠤᠯᠳᠤᠭᠠᠨ ᠳᠤ ᠨᠠᠰᠤ ᠪᠠᠷᠠᠪᠠ᠃ ᠡᠳᠡᠭᠡᠷ ᠪᠠᠭᠠᠳᠤᠷᠴᠤᠳ ᠤᠨ ᠨᠢᠭᠡᠳ ᠨᠢᠭᠡᠳ ᠢᠢᠡᠷ ᠦᠪᠡᠷ ᠤᠨ ᠬᠢᠨᠢ ᠲᠦᠯᠦᠭᠡ ᠠᠮᠢ ᠪᠡᠨ ᠠᠯᠳᠠᠭᠰᠠᠨ ᠢ ᠬᠠᠷᠠᠭᠠᠳ ᠭᠦᠩᠵᠦ ᠶᠡᠬᠡᠲᠡ ᠶᠠᠯ᠎ᠠ ᠨᠦᠮᠦᠷᠡᠭᠰᠡᠨ ᠰᠢᠭ ᠰᠠᠨᠠᠭᠳᠠᠪᠠ᠂ ᠲᠡᠭᠡᠭᠡᠳ ᠳᠡᠭᠡᠳᠦ ᠢᠢᠨ ᠣᠷᠤᠨ ᠳᠤ ᠤᠴᠢᠵᠦ ᠪᠡᠶ᠎ᠡ ᠪᠡᠨ ᠠᠷᠢᠭᠤᠳᠬᠠᠬᠤ ᠪᠡᠷ ᠰᠡᠢᠳᠦᠪᠡ᠃ ᠡᠨᠡ ᠵᠠᠮ ᠳᠤ ᠭᠠᠷᠪᠠᠯ ᠭᠦᠩᠵᠦ ᠦᠬᠦᠵᠦ ᠮᠠᠭᠠᠳ ᠭᠡᠵᠦ ᠮᠦᠩᠬᠡ ᠮᠡᠳᠡᠵᠦ ᠪᠠᠢᠭᠰᠠᠨ ᠴᠤ᠂ ᠶᠠᠭᠤ ᠴᠤ ᠶᠠᠷᠢᠯ ᠦᠭᠡᠢ ᠠᠶᠠᠳᠠᠨ ᠳᠠᠭᠠᠪᠠ᠃ ᠬᠠᠮᠤᠭ ᠤᠨ ᠲᠦᠭᠰᠢᠬᠦᠷᠢᠲᠤ ᠴᠠᠭ ᠲᠤ ᠮᠦᠩᠬᠡ ᠭᠤᠮᠢᠨᠳᠠᠩ ᠤᠨ ᠴᠡᠷᠢᠭ ᠠᠩᠭᠢ ᠲᠠᠢ ᠠᠮᠢ ᠪᠡᠷ ᠢᠢᠡᠨ ᠦᠵᠡᠯᠴᠡᠪᠡ᠃ ᠢᠩᠬᠢᠭᠡᠳ ᠭᠦᠩᠵᠦ ᠡᠬᠡ ᠨᠤᠲᠤᠭ ᠲᠠᠭᠠᠨ ᠠᠮᠤᠷ ᠮᠡᠨᠳᠦ ᠪᠤᠴᠠᠭᠰᠠᠨ ᠪᠠᠢᠨ᠎ᠠ᠃

ᠰᠡᠳᠭᠢᠭᠳᠡᠯ᠎

孟克(120.193.*.*) 2019-11-07
高义
buhmanlai(111.56.*.*) 2019-11-05
mash goyi kino bolz .gehdeen ehnerinhin aav bish baisench bolh biz 
乌力雅苏(45.116.*.*) 2019-11-05
可好看!
@ᠪᠠᠶᠠᠷ:Cloud.189 ᠳᠣᠲᠤᠷ᠎ᠠ ᠨᠢ ᠪᠦᠬᠦ ᠠᠩᠭᠢ ᠨᠢ ᠪᠠᠢᠨ᠎ᠠ᠃
 ᠪᠦᠯᠦᠭ ᠦᠨ ᠲᠣᠭ᠎ᠠ ᠨᠢ ᠪᠦᠷᠢᠨ ᠪᠦᠰᠥ ᠪᠠᠢᠨ᠎ᠠ
batmunhe(223.104.*.*) 2019-10-26
goe!      !         !
sodmanglai (1.183.*.*) 2019-10-22
bi ugani nutgaa zarii geji bodjee....odo en gii uzeed ami nastaigaa holboji hamgaalnaa....bayarlaaa suhee tan d.....
@ᠪᠤᠯᠤᠷ᠄ ᠲᠡᠢᠮᠦ ᠡ᠂ ᠲᠣᠣᠷᠠᠳᠤ ᠪᠦᠯᠦᠭ ᠨᠢ ᠣᠯᠳᠠᠬᠤ ᠦᠭᠡᠢ ᠯᠡ ᠪᠠᠢᠨ᠎ᠠ᠂ ᠵᠦᠪᠬᠡᠨ ᠳᠡᠭᠡᠳᠦ ᠨᠢ ᠣᠯᠳᠠᠭᠰᠠᠨ ᠪᠠᠢᠨ᠎ᠠ᠂ Youku ᠰᠠᠢᠲ ᠡᠴᠡ ᠪᠯᠥᠺᠯᠠᠴᠢᠬᠠᠭᠰᠠᠨ ᠪᠠᠢᠯᠭᠦᠢ᠃
289ᠵᠣᠷᠪᠤᠰ1/29ᠨᠢᠭᠤᠷ ᠲᠡᠷᠢᠭᠦᠨ ᠨᠢᠭᠤᠷ  ᠡᠮᠦᠨᠡᠬᠢ ᠨᠢᠭᠤᠷ 1 2 3 4 5 6 ᠳᠠᠷᠠᠭ᠎ᠠ ᠨᠢᠭᠤᠷ ᠡᠴᠦᠰ ᠤᠨ ᠨᠢᠭᠤᠷ