ᠦᠵᠡᠬᠦ ᠬᠣᠯᠪᠤᠭᠠᠰᠤ

ᠡᠨᠳᠡ ᠶᠠᠮᠠᠷ ᠨᠢᠭᠡᠨ ᠠᠰᠠᠭᠤᠳᠠᠯ ᠲᠠᠢ ᠪᠣᠯ ᠡᠨᠡ ᠨᠢᠭᠤᠷ ᠤᠨ ᠠᠷᠤ ᠳ᠋ᠤ ᠰᠡᠳᠭᠢᠭᠳᠡᠯ ᠪᠢᠴᠢᠭᠡᠷᠡᠢ᠂ ᠦᠵᠡᠵᠦ ᠳᠡᠢᠯᠬᠦ ᠦᠭᠡᠢ ᠪᠠᠢᠪᠠᠯ᠂ ᠡᠨᠳᠡ ᠳᠠᠷᠤᠵᠤ ᠮᠠᠨ ᠳ᠋ᠤ ᠮᠡᠳᠡᠭᠦᠯᠦᠭᠡᠷᠡᠢ᠂ ᠪᠠᠶᠠᠷᠯᠠᠯ᠎ᠠ︕

ᠨᠠᠷᠢᠨ ᠠᠭᠤᠯᠭ᠎ᠠ

ᠵᠢᠷᠤᠭ ᠤᠯᠠᠭᠠᠨ ᠴᠢᠯᠠᠭᠤᠲᠤ ᠣᠪᠤᠭ᠎ᠠ
ᠮᠣᠩᠭᠤᠯ ᠨᠡᠷ᠎ᠡ ᠤᠯᠠᠭᠠᠨ ᠴᠢᠯᠠᠭᠤᠲᠤ ᠣᠪᠤᠭ᠎ᠠ
ᠠᠩᠭᠯᠢ ᠪᠣᠶᠤ ᠯᠠᠲ᠋ᠢᠨ ᠨᠡᠷ᠎ᠡ vlaan qvlvvt oboo
ᠬᠢᠲᠠᠳ ᠪᠣᠶᠤ ᠺᠢᠷᠢᠯ ᠨᠡᠷ᠎ᠡ 红石敖包
ᠲᠣᠭᠯᠠᠭᠴᠢ ᠾᠧᠦ ᠶᠦᠩ ᠰᠢᠶᠦᠩ ᠢᠦᠢ ᠪᠢᠨ ᠽᠢ 
ᠤᠳᠤᠷᠢᠳᠤᠭᠠᠴᠢ ᠪᠣᠶᠤ ᠨᠠᠢᠷᠠᠭᠤᠯᠤᠭᠴᠢ ᠢᠦᠢ ᠷᠧᠨ 
ᠲᠦᠷᠦᠯ ᠠᠳᠠᠯ ᠶᠠᠪᠤᠳᠠᠯᠲᠤ ᠬᠣᠪᠢᠰᠬᠠᠯ ᠤᠨ
ᠬᠡᠯᠡ ᠬᠢᠲᠠᠳ 
ᠨᠡᠢᠲᠡᠯᠡᠭᠰᠡᠨ ᠣᠷᠤᠨ ᠳᠤᠮᠳᠠᠳᠤ 
ᠨᠡᠢᠲᠡᠯᠡᠭᠰᠡᠨ ᠣᠨ 2000 
ᠨᠡᠮᠡᠭᠰᠡᠨ ᠴᠠᠭ 2017-10-05
ᠰᠢᠨᠡᠴᠢᠯᠡᠭᠰᠡᠨ ᠴᠠᠭ 2018-07-09
ᠤᠷᠲᠤ 91ᠮᠢᠨᠦ᠋ᠲ
ᠨᠡᠢᠲᠡ ᠦᠵᠡᠭᠰᠡᠨ ᠲᠠᠲᠠᠵᠤ ᠪᠠᠢᠨ᠎ᠠ
ᠰᠠᠷ᠎ᠠ ᠳᠤ ᠦᠵᠡᠭᠰᠡᠨ 0
ᠭᠠᠷᠠᠭ ᠲᠤ ᠦᠵᠡᠭᠰᠡᠨ 0
ᠡᠳᠦᠷ ᠲᠤ ᠦᠵᠡᠭᠰᠡᠨ 0
ᠺᠢᠨᠣ᠋ ᠮᠡᠳᠡᠭᠡᠯᠡᠯ ᠤᠨ ᠰᠠᠩ ᠳ᠋ᠧᠦ ᠪᠠᠨ(ᠬᠢᠲᠠᠳ) IMDb(ᠠᠩᠭ᠍ᠯᠢ) ᠺᠢᠨᠣ᠋ ᠰᠠᠩ(ᠮᠣᠩᠭᠤᠯ)

ᠠᠭᠤᠯᠭ᠎ᠠ ᠶᠢᠨ ᠲᠣᠪᠴᠢ

       ᠮᠤᠩᠭᠤᠯᠴᠤᠳ ᠤᠪᠤᠭ᠎ᠠ ᠪᠡᠷ ᠭᠠᠵᠠᠷ ᠲᠡᠮᠲᠡᠭᠯᠡᠵᠦ᠂ ᠭᠠᠵᠠᠷ ᠤᠨ ᠲᠦᠯᠦᠭᠡᠯᠡᠯ᠂ ᠬᠢᠯᠢ ᠢᠢᠨ ᠵᠠᠭᠠᠭ ᠪᠤᠯᠭᠠᠳᠠᠭ᠃ ᠤᠯᠠᠩᠬᠢ ᠳᠠᠭᠠᠨ ᠴᠢᠯᠠᠭᠤ᠂ ᠰᠢᠷᠤᠢ᠂ ᠡᠪᠡᠰᠦ ᠵᠡᠷᠭᠡ ᠪᠡᠷ ᠤᠪᠤᠭᠠᠯᠠᠨ ᠪᠤᠰᠬᠠᠭᠰᠠᠨ ᠪᠠᠢᠳᠠᠭ᠃ ᠶᠡᠬᠡ ᠡᠯᠡᠰᠦᠨ ᠴᠦᠯ ᠳᠤᠮᠳᠠ ᠡᠴᠡ ᠲᠡᠮᠡᠭᠡᠨ ᠬᠤᠩᠬᠤᠨ ᠳᠠᠭᠤ ᠭᠠᠷᠴᠤ᠂ ᠡᠷᠢᠪᠡᠯᠡ᠂ ᠰᠦᠷᠪᠦ᠂ ᠪᠠᠭᠠᠨ᠎ᠠ ᠭᠤᠷᠪᠠᠭᠤᠯᠠ ᠢᠢᠨ ᠲᠡᠮᠡᠭᠡᠨ ᠡᠩᠨᠡᠭᠡ ᠬᠡᠰᠢᠭᠲᠡᠨ ᠡᠴᠡ ᠬᠤᠨᠢᠲᠤ ᠬᠤᠰᠢᠭᠤ ᠤᠷᠤᠭᠤ ᠲᠡᠮᠡᠭᠡ ᠬᠦᠷᠭᠡᠵᠦ ᠶᠠᠪᠤᠨ᠎ᠠ᠂ ᠡᠴᠤᠰ ᠤᠨ ᠴᠡᠭ ᠲᠤ ᠪᠡᠨ ᠬᠦᠷᠬᠦ ᠢᠢᠨ ᠦᠶ᠎ᠡ ᠪᠡᠷ ᠠᠷᠤ ᠡᠴᠡ ᠨᠢᠭᠡ ᠰᠤᠯᠠᠶᠠ ᠦᠬᠢᠨ ᠳᠠᠭᠠᠨ ᠢᠷᠡᠭᠰᠡᠨ ᠢ ᠤᠯᠵᠦ ᠠᠵᠢᠪᠠ᠃ ᠤᠤᠯ ᠨᠢ ᠲᠡᠷᠡ ᠠᠳᠤᠭᠤᠨ ᠰᠦᠷᠦᠭ ᠢᠢᠡᠨ ᠠᠯᠳᠠᠵᠦ᠂ ᠵᠦᠭ ᠴᠢᠭ ᠢᠢᠡᠨ ᠲᠦᠭᠡᠷᠢᠭᠰᠡᠨ ᠡᠴᠡ ᠬᠤᠢᠨ᠎ᠠ ᠡᠴᠡ ᠳᠠᠭᠠᠨ ᠢᠷᠡᠪᠡ᠃       ᠶᠠᠫᠤᠨ ᠬᠦᠮᠦᠨ ᠮᠤᠩᠭᠤᠯᠴᠤᠳ ᠤᠪᠤᠭ᠎ᠠ ᠢᠢ ᠰᠢᠳᠦᠨ ᠳᠡᠭᠡᠳᠦᠯᠡᠳᠡᠭ ᠢ ᠰᠠᠢᠨ ᠮᠡᠳᠡᠵᠦ᠂ ᠤᠶᠤᠨ ᠰᠠᠨᠠᠭᠠᠨ ᠦ ᠲᠠᠯ᠎ᠠ ᠪᠡᠷ ᠳᠠᠷᠤᠩᠭᠤᠢᠯᠠᠯ ᠦᠵᠡᠭᠦᠯᠬᠦ ᠭᠡᠵᠦ ᠵᠤᠷᠢᠭᠤᠳᠠ ᠨᠢᠭᠡᠨ ᠶᠠᠫᠤᠨ ᠴᠡᠷᠢᠭ ᠤᠨ ᠴᠢᠯᠠᠭᠤᠨ ᠬᠦᠰᠢᠶ᠎ᠡ ᠪᠡᠨ ᠤᠪᠤᠭᠠᠨ ᠳᠡᠭᠡᠷ᠎ᠡ ᠪᠠᠢᠭᠤᠯᠪᠠ᠃ ᠲᠡᠮᠡᠭᠡᠨ ᠦ ᠡᠩᠨᠡᠭᠡ ᠰᠤᠯᠠᠶᠠ ᠢ ᠦᠳᠡᠵᠦ ᠶᠠᠪᠤᠭᠤᠯᠤᠭᠠᠳ ᠤᠪᠤᠭᠠᠨ ᠦ ᠡᠮᠦᠨ᠎ᠡ ᠲᠠᠤᠯᠠᠢ ᠰᠢᠷᠠᠵᠦ ᠢᠳᠡᠬᠦ ᠵᠠᠭᠤᠷ᠎ᠠ᠂ ᠴᠢᠯᠠᠭᠤᠨ ᠬᠦᠰᠢᠭᠡ ᠢᠢ ᠤᠳᠤᠵᠦ ᠬᠠᠷᠠᠯᠠᠭᠤᠯᠪᠠ᠃ ᠠᠶᠤᠮᠠᠲᠠᠭᠠᠢ ᠪᠠᠭᠠᠨ᠎ᠠ ᠡᠨᠡ ᠦᠢᠯᠡ ᠢᠢ ᠡᠷᠢᠪᠡᠯᠡ ᠬᠢᠭᠰᠡᠨ ᠭᠡᠵᠦ ᠵᠠᠭᠠᠯᠳᠤᠪᠠ᠃ ᠶᠠᠫᠤᠨ ᠴᠡᠷᠢᠭ ᠤᠨ ᠫᠤᠤ ᠲᠤᠯᠭᠠᠭᠰᠠᠨ ᠪᠠᠢᠳᠠᠯ ᠳᠤ ᠡᠷᠢᠪᠡᠯᠡ ᠠᠷᠭ᠎ᠠ ᠪᠤᠰᠤ ᠭᠠᠷ ᠢᠢᠡᠷ ᠢᠢᠡᠨ ᠴᠢᠯᠠᠭᠤᠨ ᠬᠦᠰᠢᠶ᠎ᠡ ᠢᠢ ᠵᠦᠯᠭᠦᠵᠦ ᠴᠡᠪᠡᠷᠯᠡᠪᠡ᠃ ᠰᠤᠯᠠᠶᠠ ᠢᠢᠨ ᠡᠴᠢᠭᠡ ᠨᠠᠰᠤᠨ ᠪᠤᠯ ᠮᠤᠩᠭᠤᠯᠴᠤᠳ ᠤᠨ ᠪᠠᠭᠠᠲᠤᠷ ᠪᠠᠢᠵᠦ᠂ ᠦᠪᠡᠷ ᠤᠨ ᠮᠤᠷᠢᠲᠤ ᠴᠡᠷᠢᠭ ᠢᠢᠡᠨ ᠳᠠᠭᠠᠭᠤᠯᠤᠨ ᠶᠠᠫᠤᠨ ᠬᠦᠮᠦᠨ ᠤᠨ ᠳᠤᠷᠠᠰᠬᠠᠯᠲᠤ ᠬᠦᠳᠡᠯᠭᠡᠭᠡᠨ ᠢ ᠨᠢ ᠡᠪᠡᠳᠦᠪᠡ᠃ ᠭᠡᠪᠡᠴᠤ ᠠᠵᠠ ᠪᠤᠰᠤ ᠪᠡᠷ ᠤᠷᠪᠠᠭᠴᠢ ᠳᠤ ᠮᠡᠳᠡᠭᠦᠯᠦᠭᠳᠡᠵᠦ᠂ ᠶᠠᠫᠤᠨ ᠬᠦᠮᠦᠨ ᠳᠤ ᠪᠠᠷᠢᠪᠴᠢᠯᠠᠭᠰᠠᠨ ᠴᠢᠯᠠᠭᠤᠨ ᠬᠦᠰᠢᠶᠡᠨ ᠡᠮᠦᠨ᠎ᠡ ᠰᠢᠲᠠᠭᠠᠭᠰᠠᠨ ᠦᠬᠦᠭᠰᠡᠨ ᠪᠠᠢᠨ᠎ᠠ᠃ ᠪᠠᠭᠠᠲᠤᠷ ᠤᠨ ᠪᠠᠭᠠᠲᠤᠷᠯᠢᠭ ᠢᠢᠡᠷ ᠠᠮᠢ ᠪᠡᠨ ᠠᠯᠳᠠᠭᠰᠠᠨ ᠢ ᠬᠠᠷᠠᠭᠰᠠᠨ ᠡᠷᠢᠪᠡᠯᠡ ᠲᠤᠬᠢᠶᠠᠯ ᠤᠯᠵᠦ ᠦᠰᠢᠶ᠎ᠡ ᠠᠪᠬᠤ ᠢᠢ ᠪᠤᠳᠤᠵᠦ ᠪᠠᠢᠪᠠ᠃ ᠡᠬᠢᠨ ᠳᠤ ᠪᠡᠨ ᠳᠤᠤ ᠰᠦᠨ ᠰᠠᠨ ᠯᠠᠩ ᠤᠨ ᠡᠬᠡᠨᠡᠷ ᠢ ᠪᠠᠷᠢᠪᠴᠢᠯᠠᠭᠰᠠᠨ ᠪᠤᠯᠪᠠᠴᠤ᠂ ᠨᠢᠭᠡ ᠪᠦᠰᠡᠭᠦᠢ ᠬᠦᠮᠦᠨ ᠡᠴᠡ ᠬᠠᠷᠢᠭᠤ ᠠᠪᠤᠬᠤ ᠨᠢ ᠶᠤᠰᠤ ᠦᠭᠡᠢ ᠬᠡᠮᠡᠨ ᠳᠠᠬᠢᠨ ᠰᠤᠯᠠᠯᠠᠪᠠ᠃ ᠲᠡᠳᠡᠨ ᠦ ᠭᠤᠷᠪᠠᠭᠤᠯᠠ ᠠᠳᠤᠭᠤᠨ ᠰᠦᠷᠦᠭ ᠢᠢᠡᠨ ᠲᠠᠯᠪᠢᠨ ᠭᠠᠷᠭᠠᠵᠦ᠂ ᠦᠢᠮᠡᠭᠡᠨ ᠳᠤᠮᠳᠠ ᠴᠢᠯᠠᠭᠤᠨ ᠬᠦᠰᠢᠭᠡᠨ ᠢᠢ ᠤᠪᠤᠭᠠᠨ ᠳᠡᠭᠡᠷ᠎ᠡ ᠡᠴᠡ ᠲᠦᠯᠬᠢᠨ ᠤᠨᠠᠭᠠᠪᠠ᠃ ᠶᠠᠫᠤᠨ ᠴᠡᠷᠢᠭ ᠤᠨ ᠲᠠᠤᠭᠤᠨ ᠢᠷᠡᠵᠦ ᠳᠤ ᠲᠡᠳᠡ ᠭᠤᠷᠪᠠᠭᠤᠯᠠ ᠰᠤᠯᠠᠶᠠ ᠤᠨ ᠭᠡᠷ ᠲᠤ ᠳᠠᠯᠳᠠᠯᠠᠵᠦ᠂ ᠰᠤᠯᠠᠶᠠ ᠨᠤᠤᠰᠤ ᠡᠪᠡᠰᠦ ᠪᠡᠷ ᠲᠡᠳᠡᠨ ᠢ ᠬᠠᠯᠬᠠᠯᠠᠨ ᠠᠶᠤᠯ ᠡᠴᠡ ᠮᠤᠯᠳᠤᠷᠠᠭᠤᠯᠪᠠ᠃ ᠨᠢᠭᠡᠨ ᠦᠶ᠎ᠡ ᠪᠠᠶᠠᠷ ᠤᠨ ᠳᠤᠮᠳᠠ ᠡᠴᠡ ᠰᠤᠯᠠᠶᠠ ᠪᠤᠯ ᠳᠠᠷᠤᠢ ᠪᠠᠭᠠᠲᠤᠷ ᠤᠨ ᠦᠬᠢᠨ ᠭᠡᠵᠦ ᠲᠡᠳᠡ ᠤᠯᠵᠦ ᠮᠡᠳᠡᠪᠡ᠃ ᠮᠦᠨ ᠡᠷᠢᠪᠠᠯᠡ ᠲᠡᠳᠡ ᠬᠤᠶᠠᠭᠤᠯᠠ ᠬᠠᠢᠷ᠎ᠡ ᠪᠡᠨ ᠢᠯᠡᠳᠬᠡᠪᠡ᠃ ᠶᠠᠭ ᠤᠯᠠᠨ ᠢᠢᠡᠷ ᠢᠢᠡᠨ ᠵᠦᠭ ᠵᠦᠭ ᠲᠤ ᠪᠡᠨ ᠶᠠᠪᠤᠬᠤ ᠭᠡᠵᠦ ᠪᠠᠢᠲᠠᠯ᠎ᠠ ᠶᠠᠫᠤᠨ ᠴᠡᠷᠢᠭ ᠪᠦᠰᠡᠯᠡᠨ ᠤᠷᠤᠵᠦ ᠢᠷᠡᠪᠡ ᠁ ᠳᠤᠤ ᠰᠦᠨ ᠦ ᠡᠬᠡᠨᠡᠷ ᠲᠡᠳᠡᠨ ᠳᠤ ᠱᠤᠷᠤᠩ ᠤᠨ ᠲᠦᠯᠬᠢᠭᠦᠷ ᠢ ᠦᠭᠪᠡ᠃ ᠤᠷᠭᠤᠬᠤ ᠵᠠᠮ ᠵᠠᠭᠤᠷ᠎ᠠ ᠰᠤᠷᠪᠦ᠂ ᠰᠤᠯᠠᠶᠠ ᠵᠤᠯᠠ ᠪᠤᠰᠤ ᠪᠡᠷ ᠰᠤᠮᠤᠨ ᠳᠤ ᠤᠨᠤᠭᠳᠠᠨ ᠦᠬᠦᠪᠡ᠃ ᠡᠷᠢᠪᠠᠯᠡ᠂ ᠪᠠᠭᠠᠨ᠎ᠠ ᠬᠤᠶᠠᠷ ᠤᠪᠤᠭᠠᠨ ᠦ ᠡᠮᠦᠨ᠎ᠡ ᠲᠤᠯᠤᠭᠠᠢ ᠴᠠᠪᠴᠢᠭᠤᠯᠬᠤ ᠪᠡᠷ ᠪᠤᠯᠪᠠ᠂ ᠡᠨᠡ ᠬᠤᠶᠠᠷ ᠪᠠᠭᠠᠲᠤᠷ ᠭᠠᠷᠨᠠᠲᠠ ᠢᠢᠨ ᠱᠤᠷᠠᠭ ᠢ ᠲᠠᠲᠠᠵᠦ ᠶᠠᠫᠤᠨᠴᠤᠳ ᠲᠠᠢ ᠬᠠᠮᠲᠤ ᠦᠷᠡᠭᠳᠡᠪᠡ᠃

ᠰᠡᠳᠭᠢᠭᠳᠡᠯ᠎

ᠮᠠᠰᠢ ᠰᠠᠢᠬᠠᠨ
@ᠳ᠋ᠠ ᠵᠠ ᠂ ᠦᠯᠵᠡᠢᠪᠠᠶᠠᠷ :  ᠦᠵᠡᠵᠦ  ᠲᠡᠶ᠋ᠢᠯᠵᠦ ᠪᠠᠶ᠋ᠢᠨ᠎ᠠ ᠂ 189  ᠰᠠᠶ᠋ᠢᠲ ᠲᠤᠨᠢ ᠨᠡᠪᠲᠡᠷᠡᠪᠡᠯ ᠰᠠᠶᠢ ᠦᠵᠡᠵᠦ ᠳᠡᠶ᠋ᠢᠯᠦᠨ᠎ᠡ
ᠲᠠ ᠰᠠᠢᠨ ᠤᠤ ? ᠪᠦᠷ ᠦᠵᠡᠵᠦ ᠴᠢᠳᠠᠬᠤ ᠦᠬᠡᠢ ᠪᠠᠢᠨ᠎ᠠ ᠶᠠᠭᠤᠨ ᠪ ᠪᠣᠯ ?
塞纳(1.31.*.*) 2019-12-04
看不了
涛涛(223.104.*.*) 2019-12-03
.....
成人电影
conop(1.25.*.*) 2019-11-28
goe baina
这个电影太好看了
斯乐木格(121.56.*.*) 2019-11-20
好看
301ᠵᠣᠷᠪᠤᠰ1/31ᠨᠢᠭᠤᠷ ᠲᠡᠷᠢᠭᠦᠨ ᠨᠢᠭᠤᠷ  ᠡᠮᠦᠨᠡᠬᠢ ᠨᠢᠭᠤᠷ 1 2 3 4 5 6 ᠳᠠᠷᠠᠭ᠎ᠠ ᠨᠢᠭᠤᠷ ᠡᠴᠦᠰ ᠤᠨ ᠨᠢᠭᠤᠷ