ᠦᠵᠡᠬᠦ ᠬᠣᠯᠪᠤᠭᠠᠰᠤ

ᠡᠨᠳᠡ ᠶᠠᠮᠠᠷ ᠨᠢᠭᠡᠨ ᠠᠰᠠᠭᠤᠳᠠᠯ ᠲᠠᠢ ᠪᠣᠯ ᠡᠨᠡ ᠨᠢᠭᠤᠷ ᠤᠨ ᠠᠷᠤ ᠳ᠋ᠤ ᠰᠡᠳᠭᠢᠭᠳᠡᠯ ᠪᠢᠴᠢᠭᠡᠷᠡᠢ᠂ ᠦᠵᠡᠵᠦ ᠳᠡᠢᠯᠬᠦ ᠦᠭᠡᠢ ᠪᠠᠢᠪᠠᠯ᠂ ᠡᠨᠳᠡ ᠳᠠᠷᠤᠵᠤ ᠮᠠᠨ ᠳ᠋ᠤ ᠮᠡᠳᠡᠭᠦᠯᠦᠭᠡᠷᠡᠢ᠂ ᠪᠠᠶᠠᠷᠯᠠᠯ᠎ᠠ︕

ᠨᠠᠷᠢᠨ ᠠᠭᠤᠯᠭ᠎ᠠ

ᠵᠢᠷᠤᠭ ᠮᠣᠷᠢᠲᠠᠳ ᠤᠨ ᠠᠯᠳᠠᠷ
ᠮᠣᠩᠭᠤᠯ ᠨᠡᠷ᠎ᠡ ᠮᠣᠷᠢᠲᠠᠳ ᠤᠨ ᠠᠯᠳᠠᠷ
ᠠᠩᠭᠯᠢ ᠪᠣᠶᠤ ᠯᠠᠲ᠋ᠢᠨ ᠨᠡᠷ᠎ᠡ qishiderongyu
ᠬᠢᠲᠠᠳ ᠪᠣᠶᠤ ᠺᠢᠷᠢᠯ ᠨᠡᠷ᠎ᠡ 骑士的荣誉
ᠲᠣᠭᠯᠠᠭᠴᠢ ᠼᠦᠢ ᠳ᠋ᠠᠢ ᠵᠣᠣ ᠡᠯ ᠺᠠᠩ ᠰᠣᠶᠤᠯᠳᠠᠯᠠᠢ 
ᠤᠳᠤᠷᠢᠳᠤᠭᠠᠴᠢ ᠪᠣᠶᠤ ᠨᠠᠢᠷᠠᠭᠤᠯᠤᠭᠴᠢ ᠢᠦᠢ ᠶᠠᠩ ᠳᠡᠯᠭᠡᠷᠮ᠎ᠠ ᠶᠠᠩ ᠵᠢᠩ 
ᠲᠦᠷᠦᠯ ᠬᠣᠪᠢᠰᠬᠠᠯ ᠤᠨ
ᠬᠡᠯᠡ ᠬᠢᠲᠠᠳ 
ᠨᠡᠢᠲᠡᠯᠡᠭᠰᠡᠨ ᠣᠷᠤᠨ ᠳᠤᠮᠳᠠᠳᠤ 
ᠨᠡᠢᠲᠡᠯᠡᠭᠰᠡᠨ ᠣᠨ 1984 
ᠨᠡᠮᠡᠭᠰᠡᠨ ᠴᠠᠭ 2017-11-16
ᠰᠢᠨᠡᠴᠢᠯᠡᠭᠰᠡᠨ ᠴᠠᠭ 2018-07-18
ᠤᠷᠲᠤ 93ᠮᠢᠨᠦ᠋ᠲ
ᠨᠡᠢᠲᠡ ᠦᠵᠡᠭᠰᠡᠨ ᠲᠠᠲᠠᠵᠤ ᠪᠠᠢᠨ᠎ᠠ
ᠰᠠᠷ᠎ᠠ ᠳᠤ ᠦᠵᠡᠭᠰᠡᠨ 0
ᠭᠠᠷᠠᠭ ᠲᠤ ᠦᠵᠡᠭᠰᠡᠨ 0
ᠡᠳᠦᠷ ᠲᠤ ᠦᠵᠡᠭᠰᠡᠨ 0
ᠺᠢᠨᠣ᠋ ᠮᠡᠳᠡᠭᠡᠯᠡᠯ ᠤᠨ ᠰᠠᠩ ᠳ᠋ᠧᠦ ᠪᠠᠨ(ᠬᠢᠲᠠᠳ) IMDb(ᠠᠩᠭ᠍ᠯᠢ) ᠺᠢᠨᠣ᠋ ᠰᠠᠩ(ᠮᠣᠩᠭᠤᠯ)

ᠠᠭᠤᠯᠭ᠎ᠠ ᠶᠢᠨ ᠲᠣᠪᠴᠢ

       1945 ᠤᠨ ᠦ ᠵᠤᠨ᠂ ᠶᠠᠫᠤᠨ ᠢ ᠡᠰᠡᠷᠭᠦᠴᠡᠬᠦ ᠳᠠᠢᠨ ᠦ ᠰᠡᠭᠦᠯᠴᠢ ᠢᠢᠨ ᠦᠶ᠎ᠡ ᠳᠤ ᠨᠢᠭᠡ ᠪᠦᠯᠦᠭ ᠹᠠᠰᠢᠰ ᠳᠦᠷᠢᠮᠬᠡᠢᠯᠡᠯ ᠢᠢ ᠬᠦᠯᠢᠶᠡᠵᠦ ᠴᠢᠳᠠᠬᠤ ᠦᠭᠡᠢ ᠮᠤᠩᠭᠤᠯ ᠴᠡᠷᠢᠭ ᠠᠩᠭᠢ ᠶᠠᠫᠤᠨ ᠦ ᠴᠡᠷᠢᠭ ᠠᠩᠭᠢ ᠳᠤ ᠡᠰᠡᠷᠭᠦᠴᠡᠯ ᠶᠠᠪᠤᠭᠤᠯᠪᠠ᠃ ᠤᠳᠠᠯ ᠦᠭᠡᠢ ᠨᠢᠭᠡ ᠪᠦᠯᠦᠭ ᠢᠳᠡᠷ ᠢᠢᠡᠷ ᠲᠤᠯᠤᠭᠠᠢᠯᠠᠭᠤᠯᠤᠭᠰᠠᠨ ᠵᠠᠯᠠᠭᠤᠴᠤᠳ ᠮᠠᠴᠢᠳ ᠲᠠᠷᠢᠶᠠᠴᠢᠳ ᠲᠠᠢ ᠬᠠᠮᠲᠤᠷᠠᠨ ᠨᠢᠭᠡ ᠪᠦᠯᠦᠭ ᠮᠤᠷᠢᠳᠠᠨ ᠴᠡᠷᠢᠭ ᠠᠩᠭᠢ ᠢᠢ ᠪᠦᠷᠢᠳᠦᠭᠦᠯᠪᠡ᠃ ᠢᠳᠡᠷ ᠬᠠᠯᠠᠭᠤᠮᠰᠠᠭ ᠢᠢᠡᠷ ᠪᠦᠬᠦ ᠮᠤᠩᠭᠤᠴᠤᠳ ᠢᠢᠨ ᠴᠢᠯᠦᠭᠡᠯᠡᠭᠳᠡᠬᠦ ᠢᠢᠨ ᠲᠦᠯᠦᠭᠡ ᠳᠡᠮᠴᠢᠬᠦ ᠪᠡᠷ ᠵᠤᠷᠢᠵᠦ ᠪᠠᠢᠪᠠ᠂ ᠭᠡᠪᠡᠴᠦ ᠲᠡᠭᠦᠨ ᠦ ᠬᠦᠰᠡᠯ ᠪᠤᠳᠤᠯ ᠨᠢ ᠤᠯᠠᠨ ᠬᠦᠯᠢᠶᠡᠰᠦᠯ ᠳᠤ ᠤᠴᠠᠷᠠᠵᠦ ᠪᠠᠢᠪᠠ᠃ ᠲᠡᠷᠡ ᠲᠡᠭᠡᠭᠡᠳ ᠡᠨᠡ ᠪᠦᠯᠦᠭ ᠬᠦᠮᠦᠰ ᠢᠢᠡᠨ ᠡᠷᠬᠢᠨ ᠳᠠᠢᠯᠠᠨ ᠳᠠᠭᠠᠭᠤᠯᠳᠠᠭ ᠪᠤᠯ︖ ᠡᠨᠡ ᠬᠦ ᠠᠩᠭᠢ ᠨᠢ ᠦᠨᠡᠨ ᠬᠦ ᠮᠤᠩᠭᠤᠯᠴᠤᠳ ᠤᠨ ᠡᠷᠬᠡ ᠠᠰᠢᠭ ᠢ ᠬᠠᠮᠠᠭᠠᠯᠠᠵᠦ᠂ ᠡᠬᠡ ᠤᠯᠤᠰ ᠤᠨ ᠴᠢᠯᠦᠭᠡᠯᠡᠭᠳᠡᠬᠦ ᠳᠤ ᠪᠡᠨ ᠨᠡᠮᠡᠷᠢ ᠪᠤᠯᠵᠦ ᠴᠢᠳᠠᠬᠤ ᠦᠦ ︖ ᠡᠨᠡ ᠬᠦ ᠪᠠᠴᠢᠮ ᠮᠦᠴᠡ ᠳᠤ ᠬᠡᠪ ᠬᠠᠮᠲᠤ ᠨᠠᠮ ᠡᠴᠡ ᠴᠸᠨ ᠶᠦᠩ ᠤᠯᠤᠰ ᠲᠦᠷᠦ ᠢᠢᠨ ᠭᠡᠰᠢᠭᠦᠨ ᠢ ᠲᠤᠮᠢᠯᠠᠨ ᠢᠷᠡᠭᠦᠯᠪᠡ᠃ ᠢᠪᠴᠤᠤ ᠦᠨᠳᠦᠰᠦᠲᠡᠨ ᠦ ᠦᠵᠡᠯ ᠲᠠᠢ ᠠᠩᠭᠢ ᠢᠢᠨ ᠳᠠᠷᠤᠭ᠎ᠠ ᠢᠳᠡᠷ ᠰᠢᠨ᠎ᠡ ᠢᠷᠡᠭᠰᠡᠨ ᠤᠯᠤᠰ ᠲᠦᠷᠦ ᠢᠢᠨ ᠭᠡᠰᠢᠭᠦᠨ ᠢ ᠲᠡᠳᠦᠢ ᠲᠤᠭᠤᠮᠰᠠᠷᠯᠠᠬᠤ ᠦᠭᠡᠢ ᠪᠠᠢᠪᠠ᠃ ᠬᠠᠯᠠᠭᠤᠮᠰᠠᠭ ᠢᠢᠡᠷ ᠴᠦᠬᠡᠨ ᠲᠤᠭᠠᠲᠤ ᠦᠨᠳᠦᠰᠦᠲᠡᠨ ᠤ ᠴᠢᠯᠦᠭᠡᠯᠡᠭᠳᠡᠬᠦ ᠳᠡᠮᠵᠢᠯᠡᠭᠡ ᠦᠵᠡᠭᠦᠯᠦᠭᠰᠡᠨ ᠡᠴᠡ ᠠᠭᠠᠵᠢᠮ ᠢᠢᠡᠷ ᠮᠤᠩᠭᠤᠯ ᠢᠷᠭᠡᠳ ᠤᠨ ᠢᠲᠡᠭᠡᠯ ᠢ ᠤᠯᠵᠦ ᠡᠬᠢᠯᠡᠪᠡ᠃ ᠲᠡᠷᠡ ᠢᠷᠡᠭᠡᠳ ᠢᠢᠨ ᠡᠷᠬᠡ ᠠᠰᠢᠭ ᠢ ᠬᠠᠮᠤᠭ ᠡᠮᠦᠨ᠎ᠡ ᠪᠡᠨ ᠡᠷᠭᠦᠵᠦ ᠦᠪᠡᠷᠰᠡᠳ ᠳᠤ ᠪᠡᠨ ᠬᠤᠬᠢᠷᠠᠯ ᠠᠪᠴᠢᠷᠠᠭᠰᠠᠨ ᠮᠤᠩᠭᠤᠯ ᠪᠠᠭᠠᠲᠤᠷ ᠬᠦᠷᠡᠯ ᠢ ᠠᠭᠤᠳᠠᠮᠴᠢ ᠪᠡᠷ ᠰᠤᠷᠭᠠᠯ ᠬᠦᠷᠲᠡᠭᠡᠭᠰᠡᠨ ᠶᠤᠮ᠃ ᠢᠳᠡᠷ ᠤᠨ ᠪᠠᠷᠢᠯᠳᠤᠭᠰᠠᠨ ᠠᠨᠳᠠ ᠲᠤᠭᠤᠭ᠎ᠠ ᠨᠢ ᠭᠤᠮᠢᠨᠳᠠᠩ ᠤᠨ ᠳᠤᠤᠷ᠎ᠠ ᠤᠷᠤᠭᠰᠠᠨ ᠨᠢᠭᠡᠨ ᠪᠦᠯᠭᠦᠮ ᠤᠨ ᠳᠠᠷᠤᠭ᠎ᠠ ᠪᠠᠢᠪᠠ᠃ ᠢᠳᠡᠷ ᠲᠡᠭᠦᠨ ᠦ ᠤᠷᠪᠠᠭᠰᠠᠨ ᠳᠤ ᠢᠳᠡᠭᠡᠵᠦ ᠶᠠᠳᠠᠨ ᠭᠤᠮᠢᠨᠳᠠᠩ ᠡᠪ ᠬᠠᠮᠲᠤ ᠨᠠᠮ ᠤᠨ ᠬᠡᠯᠴᠢᠭᠡᠷ ᠲᠤ ᠢᠯᠠᠭᠳᠠᠯ ᠤᠴᠠᠷᠠᠪᠠ᠃ ᠦᠪᠡᠷ ᠤᠨ ᠴᠡᠷᠢᠭ ᠠᠩᠬᠢ ᠤᠬᠤᠷᠢᠬᠤ ᠦᠶᠡᠰ ᠢᠢᠡᠷ ᠢᠳᠡᠷ ᠲᠤᠭᠤᠭ᠎ᠠ ᠢᠢᠨ ᠦᠭᠡᠨ ᠳᠤ ᠢᠲᠡᠭᠡᠨ ᠵᠠᠷᠯᠢᠭ ᠢ ᠬᠡᠷᠡᠭᠵᠢᠭᠦᠯᠦᠭᠰᠡᠨ ᠪᠠᠢᠭᠰᠠᠨ ᠡᠴᠡ ᠤᠯᠤᠰ ᠲᠦᠷᠦ ᠢᠢᠨ ᠭᠡᠰᠢᠭᠦᠨ ᠲᠠᠢ ᠵᠦᠷᠢᠴᠡᠯ ᠭᠠᠷᠪᠠ᠃ ᠲᠡᠷᠡ ᠦᠨᠳᠦᠰᠦᠲᠡᠨ ᠦ ᠦᠵᠡᠯ ᠡᠴᠡ ᠪᠡᠨ ᠪᠤᠯᠵᠦ ᠤᠯᠤᠰ ᠲᠦᠷᠦ ᠢᠢᠨ ᠭᠡᠰᠢᠭᠦᠨ ᠦ ᠰᠠᠨᠠᠭᠤᠯᠭ᠎ᠠ ᠨᠢ ᠪᠤᠰᠤᠳ ᠵᠤᠷᠢᠯᠭ᠎ᠠ ᠲᠠᠢ ᠬᠡᠮᠡᠨ ᠦᠵᠡᠵᠦ ᠲᠡᠭᠦᠨ ᠢ ᠴᠠᠭᠠᠵᠢᠯᠠᠵᠦ ᠬᠤᠷᠢᠪᠠ᠃ ᠭᠡᠪᠡᠴᠦ ᠰᠡᠬᠡᠷᠡᠭᠰᠡᠨ ᠪᠠᠢᠯᠳᠤᠭᠠᠨ ᠦ ᠵᠢᠯᠤᠭᠤᠳᠤᠭᠴᠢ ᠨᠢ ᠤᠯᠤᠰ ᠲᠦᠷᠦ ᠢᠢᠨ ᠭᠡᠰᠢᠭᠦᠨ ᠳᠤ ᠶᠡᠬᠡᠲᠡ ᠢᠲᠡᠭᠡᠨ ᠦᠨᠡᠮᠰᠢᠳᠡᠭ᠃ ᠤᠤᠯ ᠨᠢ ᠤᠯᠤᠰ ᠲᠦᠷᠦ ᠢᠢᠨ ᠭᠡᠰᠢᠭᠦᠨ ᠢ ᠰᠢᠷᠬᠠᠳᠤᠲᠠᠯ᠎ᠠ ᠨᠢ ᠵᠤᠳᠤᠵᠦ ᠪᠠᠢᠭᠰᠠᠨ ᠬᠦᠷᠡᠯ ᠬᠦᠷᠲᠡᠯ᠎ᠡ ᠢᠳᠡᠷ ᠲᠤ ᠠᠯᠠᠭᠳᠠᠬᠤ ᠠᠶᠤᠯ ᠢ ᠡᠭᠦᠷᠡᠨ ᠤᠯᠤᠰ ᠲᠦᠷᠦ ᠢᠢᠨ ᠭᠡᠰᠢᠭᠦᠨ ᠢ ᠠᠪᠤᠷᠠᠨ ᠭᠠᠷᠭᠠᠪᠠ᠃ ᠲᠤᠭᠤᠭ᠎ᠠ ᠤᠷᠪᠠᠵᠦ᠂ ᠪᠤᠶᠠᠨᠲᠤ ᠢᠢᠨ ᠬᠤᠪᠢᠷᠠᠯᠲᠠ ᠭᠠᠷᠤᠭᠰᠠᠨ᠂ ᠳᠡᠭᠦᠦ ᠰᠠᠢᠨ᠎ᠠ ᠢᠢᠨ ᠦᠷᠡᠭᠳᠡᠭᠰᠡᠨ ᠪᠤᠳᠠᠲᠤ ᠬᠡᠷᠡᠭ ᠶᠠᠪᠤᠳᠠᠯ ᠤᠨ ᠰᠤᠷᠭᠠᠮᠵᠢ ᠡᠴᠡ ᠢᠳᠡᠷ ᠤᠬᠠᠭᠠᠷᠠᠭᠰᠠᠨ ᠨᠢ ᠵᠦᠪᠬᠡᠨ ᠨᠠᠮ ᠤᠨ ᠵᠠᠬᠢᠶ᠎ᠠ ᠢᠢ ᠳᠠᠭᠠᠨ ᠪᠠᠢᠵᠦ ᠰᠠᠶᠢ ᠦᠪᠦᠷ ᠮᠤᠩᠭᠤᠯᠴᠤᠳ ᠢᠢᠡᠨ ᠴᠢᠯᠦᠭᠡᠯᠦᠭᠦᠯᠵᠦ ᠴᠢᠳᠠᠨ᠎ᠠ᠃ ᠢᠩᠬᠢᠭᠡᠳ ᠡᠨᠡ ᠬᠦ ᠴᠡᠷᠢᠭ ᠠᠩᠭᠢ ᠨᠢ ᠢᠳᠡᠷ᠂ ᠴᠸᠨ ᠶᠦᠩ ᠤᠨ ᠤᠳᠤᠷᠢᠳᠤᠯᠭ᠎ᠠ ᠳᠤᠤᠷ᠎ᠠ ᠦᠪᠡᠷ ᠤᠨ ᠦᠨᠳᠦᠰᠦᠲᠡᠨ᠂ ᠤᠯᠤᠰ ᠤᠷᠤᠨ ᠦ ᠢᠢᠡᠨ ᠲᠦᠯᠦᠭᠡ ᠴᠢᠯᠦᠭᠡᠯᠡᠬᠦ ᠳᠠᠢᠨ ᠦ ᠠᠶᠠᠨ ᠳᠤ ᠭᠠᠷᠪᠠ᠃

ᠰᠡᠳᠭᠢᠭᠳᠡᠯ᠎

孟克(120.193.*.*) 2019-11-07
高义
buhmanlai(111.56.*.*) 2019-11-05
mash goyi kino bolz .gehdeen ehnerinhin aav bish baisench bolh biz 
乌力雅苏(45.116.*.*) 2019-11-05
可好看!
@ᠪᠠᠶᠠᠷ:Cloud.189 ᠳᠣᠲᠤᠷ᠎ᠠ ᠨᠢ ᠪᠦᠬᠦ ᠠᠩᠭᠢ ᠨᠢ ᠪᠠᠢᠨ᠎ᠠ᠃
 ᠪᠦᠯᠦᠭ ᠦᠨ ᠲᠣᠭ᠎ᠠ ᠨᠢ ᠪᠦᠷᠢᠨ ᠪᠦᠰᠥ ᠪᠠᠢᠨ᠎ᠠ
batmunhe(223.104.*.*) 2019-10-26
goe!      !         !
sodmanglai (1.183.*.*) 2019-10-22
bi ugani nutgaa zarii geji bodjee....odo en gii uzeed ami nastaigaa holboji hamgaalnaa....bayarlaaa suhee tan d.....
@ᠪᠤᠯᠤᠷ᠄ ᠲᠡᠢᠮᠦ ᠡ᠂ ᠲᠣᠣᠷᠠᠳᠤ ᠪᠦᠯᠦᠭ ᠨᠢ ᠣᠯᠳᠠᠬᠤ ᠦᠭᠡᠢ ᠯᠡ ᠪᠠᠢᠨ᠎ᠠ᠂ ᠵᠦᠪᠬᠡᠨ ᠳᠡᠭᠡᠳᠦ ᠨᠢ ᠣᠯᠳᠠᠭᠰᠠᠨ ᠪᠠᠢᠨ᠎ᠠ᠂ Youku ᠰᠠᠢᠲ ᠡᠴᠡ ᠪᠯᠥᠺᠯᠠᠴᠢᠬᠠᠭᠰᠠᠨ ᠪᠠᠢᠯᠭᠦᠢ᠃
289ᠵᠣᠷᠪᠤᠰ1/29ᠨᠢᠭᠤᠷ ᠲᠡᠷᠢᠭᠦᠨ ᠨᠢᠭᠤᠷ  ᠡᠮᠦᠨᠡᠬᠢ ᠨᠢᠭᠤᠷ 1 2 3 4 5 6 ᠳᠠᠷᠠᠭ᠎ᠠ ᠨᠢᠭᠤᠷ ᠡᠴᠦᠰ ᠤᠨ ᠨᠢᠭᠤᠷ