ᠨᠡᠢᠲᠡ24ᠵᠣᠷᠪᠤᠰ᠂ ᠦᠨᠦᠳᠦᠷ0ᠵᠣᠷᠪᠤᠰ᠃

 ᠬᠡᠷᠡᠯ (116.95.*.*) 2018-08-17 14:50:13

 ᠰᠠᠢᠨ ᠪᠠᠢᠨ᠎ᠠ ᠦᠦ︖ ᠲᠠᠨ ‍ᠣ ᠰᠦᠯᠵᠢᠶ᠎ᠠ ᠪᠠᠰᠠ ᠮᠠᠰᠢ ᠭᠤᠶᠤ ᠪᠠᠢᠨ᠎ᠠ᠃ ᠲᠠᠨ ᠡᠴᠡ ᠨᠢᠭᠡ ᠤᠴᠢᠷ ᠭᠤᠶᠤᠶ᠎ᠠ᠄ ᠲᠠᠨ ‍ᠣ ᠰᠦᠯᠵᠢᠶ᠎ᠠ ᠶᠢ ᠪᠠᠢᠨᠠᠦ ᠶᠢᠨ ᠮᠤᠩᠭᠤᠯ ᠰᠦᠯᠵᠢᠶ᠎ᠠ ᠪᠤᠯᠤᠩ ᠳ᠋ᠦ ᠭᠠᠷᠭᠠᠪᠠᠯ ᠪᠤᠯᠤᠨ᠎ᠠ ᠦᠦ︖( ᠮᠢᠨᠦ ᠢᠮᠸ᠋ᠯ ᠪᠤᠯ3338626337@qq.com) ᠲᠠ  ᠨᠠᠳᠠ ᠳ᠋ᠦ ᠲᠠᠨ ‍ᠣ ᠰᠦᠯᠵᠢᠶᠡᠨ ‍ᠣ ᠬᠠᠶᠠᠭ ᠢᠶᠠᠨ ᠪᠤᠯᠤᠨ ᠲᠠᠨ ‍ᠣ ᠰᠦᠯᠵᠢᠶᠡᠨ ‍ᠣlogo ᠪᠠᠨpng ᠬᠡᠯᠪᠡᠷᠡᠢ ᠪᠠᠷ ᠢᠯᠡᠭᠡᠭᠡᠳ ᠦᠭᠭᠦᠨ᠎ᠡ ᠦᠦ︖ ᠲᠠ ᠬᠡᠷᠪᠡ ᠵᠦᠪᠰᠢᠶᠡᠷᠡᠪᠡᠯ ᠪᠢ ᠵᠤᠭ᠎ᠠ ᠺᠤᠮᠫᠠᠨᠢ ᠲᠠᠢ ᠬᠠᠷᠢᠯᠴᠠᠵᠦ ᠲᠠᠨ ‍ᠣ ᠰᠦᠯᠵᠢᠶ᠎ᠡ ᠶᠢ ᠪᠠᠢᠨᠠᠤ ᠶᠢᠨ  ᠮᠤᠩᠭᠤᠯ  ᠰᠦᠯᠵᠢᠶᠡᠨ ‍ᠣ ᠪᠤᠯᠤᠩ ᠳ᠋ᠦ ᠭᠠᠷᠭᠠᠵᠦ ᠦᠭᠭᠦᠶ᠎ᠡ᠂ ᠲᠡᠭᠡᠪᠡᠯ ᠦᠷᠭᠡᠨ ᠤᠯᠠᠨ ᠪᠠᠢᠨᠠᠤ ᠶᠢᠨ ᠨᠠᠢᠵᠠ ᠪᠠᠰᠠ ᠲᠠᠨ ‍ᠣ ᠰᠦᠯᠵᠢᠶᠡᠨ ᠦ ᠠᠭᠤᠯᠭ᠎ᠠ ᠶᠢ ᠦᠵᠡᠵᠦ ᠲᠡᠢᠯᠦᠨ᠎ᠠ᠂ ᠲᠠᠨ ᠳ᠋ᠦ ᠪᠠᠶᠠᠷᠯᠠᠯ᠎ᠠ᠃

ᠰᠠᠢᠲ ᠤᠨ ᠬᠠᠷᠢᠭᠤ᠄ 2018-10-01 20:43:58

ᠲᠠᠨ ᠳ᠋ᠤ ᠮᠠᠰᠢ ᠶᠡᠬᠡ ᠪᠠᠶᠠᠯᠷᠠᠯ᠎ᠠ᠂ ᠪᠢ ᠲᠠᠨᠠᠢ ᠢᠮᠧᠢᠯ ᠤᠷᠤᠭᠤ ᠵᠠᠬᠢᠳᠠᠯ ᠪᠢᠴᠢᠴᠢᠬᠡᠯ᠎ᠡ᠃

ᠰᠠᠢᠲ ᠤᠨ ᠡᠷᠬᠢᠯᠡᠭᠴᠢ (127.255.*.*) 2018-06-05 18:05:04

ᠲᠤᠰ ᠰᠠᠢᠲ ᠢ ᠠᠵᠢᠯ ᠤᠨ ᠴᠢᠯᠦᠭᠡ ᠪᠡᠷ ᠢᠢᠡᠨ ᠬᠢᠵᠦ ᠪᠠᠢᠭ᠎ᠠ ᠤᠴᠢᠷ ᠡᠴᠡ ᠴᠠᠭ ᠵᠠᠪ ᠶᠠᠭ ᠬᠦᠷᠦᠯᠴᠡᠬᠦ ᠦᠭᠡᠢ ᠪᠠᠢᠨ᠎ᠠ᠃ ᠬᠡᠷᠪᠡ ᠲᠠ ᠴᠠᠭ ᠵᠠᠪ ᠲᠠᠢ ᠮᠦᠷᠲᠡᠭᠡᠨ ᠡᠨᠡ ᠲᠠᠯ᠎ᠠ ᠪᠡᠷ ᠰᠣᠨᠢᠷᠬᠠᠯ ᠲᠠᠢ ᠪᠣᠯ ᠮᠠᠨ ᠲᠡᠢ ᠬᠠᠷᠢᠯᠴᠠᠭᠠᠷᠠᠢ᠃ ᠺᠢᠦ ᠺᠢᠦ ᠪᠠ ᠸᠢᠴᠠᠲ᠄ 407995554᠃

  (60.31.*.*) 2018-05-28 16:23:02

         

ᠰᠠᠢᠲ ᠤᠨ ᠬᠠᠷᠢᠭᠤ᠄ 2018-05-29 22:09:40

ᠲᠠᠨ ᠤ ᠤᠳᠭ᠎ᠠ ᠢᠢ ᠣᠢᠯᠭᠠᠬᠤ ᠦᠭᠡᠢ ᠪᠠᠢᠨ᠎ᠠ︖ ᠲᠠ ᠲᠡᠷᠡ ᠪᠢᠴᠢᠯᠭᠡ ᠢᠢᠨ ᠬᠢᠨᠢ ᠠᠷᠤ ᠳ᠋ᠤᠨᠢ ᠰᠡᠳᠭᠢᠭᠳᠡᠯ ᠪᠢᠴᠢᠨ᠎ᠡ ᠤᠤ︖ ᠪᠠᠶᠠᠷᠯᠠᠯ᠎ᠠ᠃

    (61.138.*.*) 2018-05-23 11:07:16

  ᠲᠠᠯ᠎ᠠ ᠨᠣᠳᠣᠭ ᠤᠨ ᠲᠣᠬᠠᠢ ᠲᠦᠷᠰᠣ ᠰᠢᠩᠭᠡᠭᠡᠯᠲᠡ ᠢᠯᠡᠭᠦᠭᠡᠨ ᠲᠠᠯᠪᠢᠭᠠᠷᠠᠢ

ᠰᠠᠢᠲ ᠤᠨ ᠬᠠᠷᠢᠭᠤ᠄ 2018-07-16 11:38:35

ᠵᠠ᠂ ᠪᠠᠶᠠᠷᠯᠠᠯ᠎ᠠ᠃

 ᠵᠠᠭᠤᠨᠠᠰᠤᠲᠤ (127.255.*.*) 2018-05-13 02:14:10

 ᠰᠠᠢᠨ ᠪᠠᠢᠨ᠎ᠠ ᠤᠤ︖ ︽ ᠢᠶᠠᠷ ︵ ᠢ+ ᠶ+ ᠡ+ ᠷ︶︾ ᠳᠠᠭᠠᠪᠤᠷᠢ ᠶᠢ ︽ ᠢᠢᠡᠷ ︵ ᠢ+ ᠢ+ ᠡ+ ᠷ︶︾ ᠭᠡᠳ ᠪᠤᠷᠤᠭᠤ ᠪᠢᠴᠢᠭᠰᠡᠨ ᠪᠠᠢᠨ᠎ᠠ

ᠰᠠᠢᠲ ᠤᠨ ᠬᠠᠷᠢᠭᠤ᠄ 2018-07-16 11:38:22

ᠮᠢᠨᠤ ᠬᠡᠷᠡᠭᠯᠡᠵᠦ ᠪᠠᠢᠭ᠎ᠠ ᠦᠰᠦᠭ ᠣᠷᠤᠭᠤᠯᠬᠤ ᠠᠷᠭ᠎ᠠ(ᠦᠰᠦᠭ ᠰᠢᠪᠡᠬᠦ ᠪᠠᠭᠠᠵᠢ) ᠪᠣᠯ Windows10 ᠤᠨ ᠳᠣᠲᠤᠷ᠎ᠠ ᠤᠭ ᠡᠴᠡ ᠪᠠᠨ ᠪᠠᠢᠭᠰᠠᠨ ᠮᠣᠩᠭᠤᠯ ᠦᠰᠦᠭ ᠣᠷᠤᠭᠤᠬᠤ ᠠᠷᠭ᠎ᠠ ᠪᠣᠯᠤᠨ᠎ᠠ᠂ ᠲᠡᠭᠦᠨ ᠤ ᠵᠢᠭᠠᠪᠤᠷᠢ ᠳ᠋ᠤ ᠢᠩᠭᠢᠵᠦ ᠣᠷᠤᠭᠤᠯᠤᠨ᠎ᠠ ᠭᠡᠵᠦ ᠪᠠᠢᠭᠰᠠᠨ᠃ ᠡᠨᠡ ᠪᠣᠯ ᠮᠣᠩᠭᠤᠯ ᠦᠰᠦᠭ ᠤᠨ ᠶᠦᠨᠢᠺᠣᠳ᠋ ᠤᠨ ᠠᠯᠳᠠᠭ᠎ᠠ ᠢᠢᠨ ᠠᠰᠠᠭᠤᠳᠠᠯ ᠪᠠᠢᠨ᠎ᠠ᠂ ᠬᠦᠲᠦᠴᠢ ᠤᠳ ᠤᠨ ᠦᠰᠦᠭ ᠤᠨ ᠲᠢᠭ ᠢ ᠢᠯᠡᠷᠡᠭᠦᠯᠬᠦ ᠠᠷᠭ᠎ᠠ ᠤᠳ ᠨᠢ ᠪᠦᠷ ᠠᠳᠠᠯᠢ ᠦᠭᠡᠢ ᠤᠴᠢᠷ ᠡᠴᠡ ᠵᠠᠷᠢᠮ ᠬᠦᠲᠦᠴᠢ ᠳᠡᠭᠡᠷ᠎ᠡ ᠵᠦᠪ ᠢᠯᠡᠷᠡᠭᠡᠳ ᠵᠠᠷᠢᠮ ᠬᠦᠲᠦᠴᠢ ᠳᠡᠭᠡᠷ᠎ᠡ ᠨᠢ ᠪᠤᠷᠤᠭᠤ ᠢᠯᠡᠷᠡᠵᠦ ᠪᠠᠢᠨ᠎ᠠ᠃ ᠲᠠᠨᠠᠢ ᠰᠠᠨᠠᠯ ᠢ ᠴᠤ ᠪᠠᠰᠠ ᠲᠤᠷᠰᠢᠵᠤ ᠦᠵᠡᠯ᠎ᠡ᠂ ᠮᠠᠰᠢ ᠵᠦᠪ ᠢᠯᠡᠷᠡᠵᠦ ᠪᠠᠢᠨ᠎ᠠ᠂ ᠳᠠᠷᠠᠭᠠᠴᠢ ᠪᠡᠷ ᠲᠠᠨ ᠤ ᠠᠷᠭ᠎ᠠ ᠪᠡᠷ ᠪᠢᠴᠢᠶ᠎ᠡ᠃ ᠪᠠᠶᠠᠷᠯᠠᠯ᠎ᠠ︕

  (36.109.*.*) 2018-03-19 15:42:58

   

ᠰᠠᠢᠲ ᠤᠨ ᠬᠠᠷᠢᠭᠤ᠄ 2018-03-26 15:18:12

ᠲᠡᠢᠮᠦ ᠡ᠂ ᠲᠡᠷᠡ ᠺᠢᠨᠤ᠋ ᠢᠢᠨ ᠤᠭ ᠹᠠᠢᠯ ᠨᠢ ᠵᠢᠭᠠᠬᠠᠨ ᠠᠰᠠᠭᠤᠳᠠᠯ ᠲᠠᠢ ᠶᠤᠮ᠂ ᠪᠦᠷᠢᠨ ᠡᠬᠢ ᠢᠢ ᠨᠢ ᠣᠯᠬᠤ ᠢᠢ ᠬᠢᠴᠢᠶᠡᠶ᠎ᠡ᠂ ᠶᠦᠨᠢᠺᠣᠳ᠋ ᠢᠢᠡᠷ ᠪᠢᠴᠢᠭᠡᠷᠡᠢ᠂ ᠪᠠᠶᠠᠷᠯᠠᠯ᠎ᠠ︕

ᠠᠮᠣᠷ (1.182.*.*) 2018-03-09 23:26:33

ᠦᠪᠦᠷ ᠮᠣᠨᠭᠭᠣᠯ ‍ᠳ ᠲᠸᠯᠸᠢᠰ ‍ᠳ ᠣᠷᠴᠢᠭᠣᠯᠭᠠ ‍ᠶᠢ ᠣᠷᠣᠭᠣᠯ ! ᠡᠷᠬᠡ ᠶᠢ ᠨᠢ ᠬᠣᠳᠠᠯᠳᠣᠭᠠᠳ ᠠᠪᠣᠭᠰᠠᠨ ᠴᠦ ᠪᠣᠯᠣᠨᠠ !!!!!ᠪᠢᠳᠡᠭᠡᠢ ᠠᠷᠣ ᠮᠣᠨᠭᠭᠣᠯ ‍ᠳ ᠳᠠᠭᠣᠣ ᠲᠠᠭᠠᠷᠠᠭᠣᠯᠣᠭᠰᠠᠨ ᠶᠢ ᠣᠷᠣᠭᠣᠯ ᠂ ᠺᠢᠨᠣ‍ ᠵᠢ ᠱᠠᠭᠠᠴᠢᠬᠠᠯᠠ !!!!!

ᠰᠠᠢᠲ ᠤᠨ ᠬᠠᠷᠢᠭᠤ᠄ 2018-03-26 15:21:43

ᠵᠠ᠂ ᠲᠠᠨ ᠤ ᠰᠠᠨᠠᠭᠤᠯᠭ᠎ᠠ ᠳ᠋ᠤ ᠪᠠᠶᠠᠷᠯᠠᠯ᠎ᠠ᠂ ᠴᠢᠷᠮᠠᠢᠵᠤ ᠪᠠᠢᠨ᠎ᠠ᠂ ᠤᠳᠠᠬᠤ ᠦᠭᠡᠢ ᠢᠷᠡᠭᠡᠳᠦᠢ ᠳ᠋ᠤ ᠲᠠ ᠪᠢᠳᠡᠨ ᠤ ᠬᠦᠰᠡᠯ ᠪᠡᠶᠡᠯᠡᠬᠦ ᠶᠤᠮ︕

 ᠰᠠᠴᠤᠷᠠᠯᠳᠦ (121.57.*.*) 2018-03-03 19:03:47

 ᠠᠮᠢᠨ ᠭᠣᠣᠯ

ᠰᠠᠢᠲ ᠤᠨ ᠬᠠᠷᠢᠭᠤ᠄ 2018-04-15 18:49:53

ᠠᠮᠢᠨ ᠭᠣᠣᠯ ᠢ ᠣᠷᠤᠭᠤᠯᠴᠢᠬᠠᠯ᠎ᠠ

 ᠪᠠᠶᠠᠷ (120.193.*.*) 2018-02-12 09:48:47

 ᠺᠢᠨᠣ᠋ ᠶᠢᠨ ᠨᠡᠷ᠎ᠡ ᠶᠢ ᠨᠢ ᠪᠢᠴᠢᠭᠡᠳ ᠺᠢᠨᠣ᠋ ᠪᠠᠨ ᠡᠷᠢᠵᠦ ᠦᠵᠡᠵᠦ ᠳᠡᠢᠯᠬᠦ ᠦᠭᠡᠢ ᠪᠠᠢᠨ᠎ᠠ᠃ ᠺᠢᠨᠣ᠋ ᠪᠠᠭᠤᠯᠭᠠᠬᠤ ᠨᠢ ᠤᠳᠠᠭᠠᠨ ᠪᠠᠢᠨ᠎ᠠ ᠵᠠᠷᠢᠮ ᠶᠢ ᠨᠢ ᠪᠠᠭᠤᠯᠭᠠᠵᠤ ᠳᠡᠢᠯᠬᠦ ᠦᠭᠡᠢ ᠪᠠᠢᠨ᠎ᠠ

ᠰᠠᠢᠲ ᠤᠨ ᠬᠠᠷᠢᠭᠤ᠄ 2018-10-15 13:19:50

ᠤᠤᠯ ᠨᠢ ᠭᠠᠭᠴᠠᠬᠠᠨ ᠮᠣᠩᠭᠤᠯ ᠦᠰᠦᠭ ᠢᠶᠡᠷ ᠬᠠᠢᠳᠠᠭ ᠪᠠᠢᠭᠰᠠᠨ᠂ ᠣᠳᠤ ᠡᠢᠮᠦ ᠬᠢᠵᠠᠭᠠᠷ ᠦᠭᠡᠷ ᠪᠣᠯᠴᠢᠬᠠᠵᠠᠢ᠃ ᠬᠡᠳᠦᠨ ᠦᠰᠦᠭ ᠢᠶᠡᠷ ᠴᠤ ᠬᠠᠢᠵᠤ ᠳᠡᠢᠯᠬᠦ ᠪᠣᠯᠴᠢᠬᠠᠵᠠᠢ᠃ ᠵᠦᠪᠬᠡᠨ ᠶᠦᠨᠢᠺᠣᠳ᠋ ᠢᠶᠡᠷ ᠪᠢᠴᠢᠭᠰᠡᠨ ᠮᠣᠩᠭᠤᠯ ᠦᠰᠦᠭ ᠢᠶᠡᠷ ᠬᠠᠢᠵᠤ ᠳᠡᠢᠯᠦᠨ᠎ᠡ᠂ ᠪᠣᠰᠤᠳ ᠺᠣᠳ᠋ ᠢᠶᠡᠷ ᠪᠢᠴᠢᠭᠰᠡᠨ ᠮᠣᠩᠭᠤᠯ ᠦᠰᠦᠭ ᠢᠶᠡᠷ ᠬᠠᠢᠵᠤ ᠳᠡᠢᠯᠬᠦ ᠦᠭᠡᠢ᠃ ᠪᠣᠰᠤᠳ ᠬᠡᠯᠡ ᠪᠡᠷ ᠪᠠᠰᠠ ᠬᠠᠢᠵᠤ ᠪᠣᠯᠤᠨ᠎ᠠ᠃ ᠦᠵᠡᠵᠦ ᠳᠡᠢᠯᠬᠦ ᠦᠭᠡᠢ ᠶᠢ ᠨᠢ ᠰᠢᠨᠡᠳᠬᠡᠭᠡᠳ ᠪᠠᠢᠪᠠᠯ ᠦᠵᠡᠭᠡᠳ ᠳᠡᠢᠯᠴᠢᠬᠡᠨ᠎ᠡ᠃

 ᠵᠠᠭᠤᠨᠠᠰᠤᠲᠤ (123.179.*.*) 2018-01-25 04:08:14

 ᠭᠣᠶᠤ ᠪᠠᠢᠨ᠎ᠠ᠃ ᠵᠥᠪᠬᠡᠨ︽ ᠢᠶᠡᠷ ᠢᠶᠡᠨ︾ ᠳᠠᠭᠠᠪᠤᠷᠢ ᠪᠠᠨ ᠪᠤᠷᠤᠭᠤ ᠪᠢᠴᠢᠵᠦ ᠪᠠᠢᠨ᠎ᠠ᠃

ᠰᠠᠢᠲ ᠤᠨ ᠬᠠᠷᠢᠭᠤ᠄ 2018-01-28 00:53:11

ᠲᠠᠨ ᠤ ᠰᠡᠳᠭᠢᠭᠳᠡᠯ ᠳ᠋ᠤ ᠪᠠᠶᠠᠷᠯᠠᠯ᠎ᠠ᠂ ᠡᠨᠡ ᠳᠠᠭᠠᠪᠤᠷᠢ ᠪᠤᠷᠤᠭᠤ ᠢᠯᠡᠷᠡᠵᠦ ᠪᠠᠢᠭ᠎ᠠ ᠨᠢ ᠪᠤᠷᠤᠭᠤ ᠪᠢᠴᠢᠭᠰᠡᠨ ᠪᠢᠰᠢ᠂ ᠦᠰᠦᠭ ᠤᠨ ᠲᠢᠭ ᠤᠨ ᠤᠴᠢᠷ ᠪᠠᠢᠨ᠎ᠠ᠃